Different
Waters
Contact
site icon, link to home page

(iPhone ❌ Safari ❌)

ᠲᠠᠭᠠᠷᠠᠤ ᠣᠷᠴᠢᠭᠤᠯᠤᠭᠴᠢ ᠪᠣᠯᠬᠤ ᠪᠢ ᠪᠡᠷ ᠣᠷᠴᠢᠭᠤᠯᠭ᠎ᠠ ᠵᠢᠨ ᠲᠤᠬᠠᠢ ᠡᠷᠭᠢᠴᠡᠭᠦᠯᠬᠡᠨ ᠪᠣᠳᠣᠬᠤ ᠨᠢ

2020-09-09 (last modified 2020-10-06)

ᠪᠢ 50 ᠣᠷᠴᠢᠮ ᠵᠢᠯ ᠣᠷᠴᠢᠭᠤᠯᠭ᠎ᠠ ᠶᠢᠨ ᠠᠵᠢᠯ ᠬᠢᠵᠦ ᠪᠠᠢᠨ᠎ᠠ᠃ ᠣᠷᠴᠢᠭᠤᠯᠤᠭ ᠤᠨ ᠰᠠᠢᠨ ᠮᠠᠭᠤ ᠵᠢ ᠶᠠᠭᠠᠬᠢᠵᠤ ᠢᠯᠭᠠᠬᠤ ᠪᠤᠢ᠂ ᠣᠷᠴᠢᠭᠤᠯᠭ᠎ᠠ ᠵᠢᠨ ᠰᠢᠨᠵᠢ ᠴᠢᠨᠠᠷ᠂ ᠬᠣᠯᠪᠣᠭ᠎ᠠ ᠬᠠᠮᠢᠶᠠᠷᠤᠯ ᠤᠨ ᠲᠠᠯ᠎ᠠ ᠪᠠᠷ ᠣᠯᠵᠤ ᠮᠡᠳᠡᠵᠦ᠂ ᠠᠵᠢᠭᠯᠠᠵᠤ ᠬᠤᠷᠠᠮᠲᠤᠯᠠᠭᠤᠯᠤᠭᠰᠠᠨ ᠪᠠᠭ᠎ᠠ ᠰᠠᠭ᠎ᠠ ᠲᠤᠷᠰᠢᠯᠭ᠎ᠠ ᠳ᠋ᠤ ᠪᠠᠨ ᠲᠤᠯᠭᠠᠭᠤᠷᠢᠯᠠᠨ ᠡᠨᠡ ᠰᠡᠳᠦᠪ ᠢ ᠪᠢᠴᠢᠵᠦ ᠪᠠᠢᠨ᠎ᠠ

ᠭᠠᠳᠠᠭᠠᠳᠤ ᠬᠡᠯᠡ ᠰᠤᠷᠬᠤ ᠲᠤᠰᠠᠯᠠᠮᠵᠢ

ᠪᠤᠰᠤᠳ ᠦᠶ᠎ᠡ ᠵᠢᠨ ᠬᠢᠨ ᠲᠠᠢ ᠪᠠᠨ ᠠᠳᠠᠯᠢᠬᠠᠨ᠂ ᠪᠢ ᠳᠤᠮᠳᠠᠳᠤ ᠰᠤᠷᠭᠠᠭᠤᠯᠢ ᠳ᠋ᠦ ᠭᠠᠳᠠᠭᠠᠳᠤ ᠬᠡᠯᠡ ᠰᠤᠷᠬᠤ ᠦᠶ᠎ᠡ ᠳ᠋ᠦ ᠪᠡᠨ ᠣᠷᠴᠢᠭᠤᠯᠭ᠎ᠠ ᠲᠠᠢ ᠲᠠᠨᠢᠯᠴᠠᠭᠰᠠᠨ ᠶᠤᠮ᠃ ᠲᠡᠷᠡ ᠦᠶ᠎ᠡ ᠳ᠋ᠦ ᠭᠠᠳᠠᠭᠠᠳᠤ ᠬᠡᠯᠡ ᠵᠢᠭᠠᠬᠤ ᠨᠢᠭᠡ ᠠᠷᠭ᠎ᠠ ᠪᠣᠯ ᠣᠷᠴᠢᠭᠤᠯᠭ᠎ᠠ ᠵᠢ ᠵᠠᠭᠪᠤᠷᠴᠢᠯᠠᠵᠤ ᠬᠢᠯᠭᠡᠳᠡᠭ ᠪᠠᠢᠯ᠎ᠠ᠃ ᠡᠨᠡ ᠲᠠᠯ᠎ᠠ ᠵᠢᠨ ᠳᠠᠰᠬᠠᠯ ᠪᠣᠯ ᠦᠭᠡ ᠨᠢᠭᠡ ᠪᠦᠷᠢ ᠵᠢᠨ ᠤᠳᠬ᠎ᠠ ᠵᠢ ᠨᠢ ᠣᠢᠯᠠᠭᠠᠵᠤ᠂ ᠮᠡᠳᠡᠵᠦ ᠪᠠᠢᠭ᠎ᠠ ᠬᠡᠯᠡ ᠵᠦᠢ ᠵᠢᠨ ᠪᠦᠲᠦᠴᠡ ᠵᠢ ᠠᠰᠢᠭᠯᠠᠨ ᠤᠶᠠᠯᠳᠤᠭ᠎ᠠ᠂ ᠬᠣᠯᠪᠣᠭᠠᠲᠠᠢ ᠦᠭᠦᠯᠡᠪᠦᠷᠢ ᠵᠢᠨ ᠤᠳᠬ᠎ᠠ ᠵᠢ ᠮᠡᠳᠡᠵᠦ ᠠᠪᠬᠤ ᠳ᠋ᠤ ᠲᠤᠰᠠᠯᠠᠳᠠᠭ ᠪᠠᠢᠭᠰᠠᠨ ᠪᠥᠭᠡᠳ ᠡᠨᠡ ᠨᠢ ᠶᠠᠪᠤᠭᠠᠨ ᠳᠠᠭᠠᠨ ᠦᠭᠡᠴᠢᠯᠡᠭᠰᠡᠨ ᠣᠷᠴᠢᠭᠤᠯᠭ᠎ᠠ ᠬᠢᠬᠦ ᠳ᠋ᠦ ᠬᠦᠷᠭᠡᠳᠡᠭ ᠪᠠᠢᠪᠠ᠃

ᠡᠨᠡ ᠰᠤᠷᠬᠤ ᠠᠷᠭ᠎ᠠ ᠳ᠋ᠤ ᠳᠤᠲᠠᠭᠳᠠᠯ ᠪᠠᠢᠭᠰᠠᠨ ᠬᠡᠳᠦᠢ ᠴᠤ᠂ ᠶᠠᠮᠠᠷ ᠲᠠᠢ ᠴᠤ ᠭᠡᠭᠰᠡᠨ ᠭᠠᠳᠠᠭᠠᠳᠤ ᠬᠡᠯᠡ ᠵᠢ ᠦᠨᠳᠦᠰᠦ ᠰᠠᠭᠤᠷᠢ ᠪᠠᠷ ᠨᠢ ᠣᠢᠯᠠᠭᠠᠬᠤ ᠳ᠋ᠤ ᠲᠤᠰᠠᠲᠠᠢ ᠠᠷᠭ᠎ᠠ ᠪᠠᠢᠭᠰᠠᠨ ᠶᠤᠮ᠃ ᠡᠨᠡ ᠨᠢ ᠭᠠᠳᠠᠭᠠᠳᠤ ᠬᠡᠯᠡᠨ ᠦ ᠬᠡᠯᠡ ᠵᠦᠢ ᠵᠢᠨ ᠪᠦᠲᠦᠴᠡ ᠵᠢ ᠶᠡᠷᠦᠩᠬᠡᠢᠯᠡᠨ ᠣᠢᠯᠠᠭᠠᠬᠤ ᠪᠣᠯᠤᠨ ᠪᠠᠭ᠎ᠠ ᠵᠡᠷᠭᠡ ᠪᠣᠯᠬᠢ ᠴᠤ ᠭᠡᠭᠰᠡᠨ ᠭᠠᠳᠠᠭᠠᠳᠤ ᠬᠡᠯᠡ ᠪᠡᠷ ᠦᠭᠦᠯᠡᠪᠦᠷᠢ ᠵᠣᠬᠢᠶᠠᠬᠤ ᠵᠠᠭᠪᠤᠷ ᠪᠣᠯᠳᠠᠭ ᠪᠠᠢᠭᠰᠠᠨ᠃ ᠲᠡᠢᠮᠦ ᠡᠴᠡ ᠳᠡᠭᠡᠳᠦ ᠵᠡᠷᠡᠭ ᠦᠨ ᠳᠤᠮᠳᠠᠳᠤ ᠰᠤᠷᠭᠠᠭᠤᠯᠢ ᠳ᠋ᠦ ᠪᠠᠨ ᠪᠢ ᠭᠧᠷᠮᠠᠨ ᠬᠡᠯᠡᠨ ᠦ ᠥᠭᠦᠯᠡᠪᠦᠷᠢ ᠵᠢᠨ ᠪᠦᠲᠦᠴᠡ ᠵᠢᠨ ᠳᠠᠷᠠᠭᠠᠯᠠᠯ ᠵᠢᠠᠷ ᠨᠢ ᠠᠩᠭᠯᠢ ᠦᠭᠡ ᠶᠢ ᠪᠠᠶᠢᠷᠢᠯᠠᠭᠤᠯᠤᠨ ᠲᠣᠭᠲᠠᠭᠠᠳᠠᠭ ᠪᠠᠢᠭᠰᠠᠨ ᠪᠢᠯᠡ᠃ ᠶᠡᠬᠡ ᠰᠤᠷᠭᠠᠭᠤᠯᠢ ᠳᠤ ᠣᠷᠣᠭᠰᠠᠨ ᠤ ᠳᠠᠷᠠᠭ᠎ᠠ ᠪᠢ ᠶᠠᠫᠣᠨ ᠬᠡᠯᠡ ᠶᠢ ᠬᠡᠷᠬᠢᠨ ᠬᠣᠯᠪᠣᠭᠳᠠᠳᠠᠭ ᠢ ᠣᠢᠯᠠᠭᠠᠬᠤ ᠪᠠᠷ ᠥᠭᠦᠯᠡᠪᠦᠷᠢ ᠶᠢ ᠨᠢ ᠵᠠᠳᠠᠯᠬᠤ ᠳᠤ ᠨᠡᠯᠢᠶᠡᠳ ᠴᠠᠭ ᠵᠠᠷᠤᠴᠠᠭᠤᠯᠳᠠᠭ ᠪᠠᠶᠢᠯ᠎ᠠ᠃ ᠰᠤᠷᠠᠭᠰᠠᠨ ᠠᠷᠭ᠎ᠠ ᠪᠠᠷ ᠢᠶᠠᠨ ᠶᠠᠫᠣᠨ ᠬᠡᠯᠡᠨ ᠦ ᠪᠦᠲᠦᠴᠡ ᠪᠡᠷ ᠠᠩᠭ᠍ᠯᠢ ᠬᠡᠯᠡ ᠵᠢ ᠮᠢᠬᠠᠴᠢᠯᠠᠨ ᠣᠷᠴᠢᠭᠤᠯᠤᠭᠰᠠᠨ ᠨᠢ ᠶᠡᠬᠡ ᠬᠠᠴᠢᠨ ᠠᠩᠭ᠍ᠯᠢ ᠥᠭᠦᠯᠡᠪᠦᠷᠢ ᠪᠣᠯᠳᠣᠭᠰᠣᠨ᠃ ᠬᠠᠷᠠᠮᠰᠠᠯᠲᠠᠢ ᠨᠢ ᠪᠢ ᠰᠤᠷᠠᠭᠰᠠᠨ ᠡᠨᠡ ᠵᠤᠷᠰᠢᠯ ᠠᠴᠠ ᠪᠠᠨ ᠣᠳᠣ ᠬᠢᠷᠢ ᠨᠢ ᠠᠩᠭᠢᠵᠢᠷᠠᠬᠤ ᠦᠭᠡᠢ ᠪᠠᠢᠭ᠎ᠠ ᠪᠣᠯᠬᠣᠷ᠂ ᠣᠷᠴᠢᠭᠤᠯᠭ᠎ᠠ ᠵᠢᠨ ᠲᠦᠪᠰᠢᠨ ᠪᠡᠨ ᠰᠠᠶᠢᠵᠢᠷᠠᠭᠤᠯᠬᠤ ᠳᠤ ᠦᠷᠭᠦᠯᠵᠢ ᠰᠠᠭᠠᠳ ᠪᠣᠯᠤᠭᠰᠠᠭᠠᠷ ᠯᠠ ᠪᠠᠶᠢᠬᠤ ᠶᠤᠮ᠃

Hattori Shiro
ᠬᠠᠲ᠋ᠲ᠋ᠣᠷᠢ ᠰᠢᠷᠣᠣ᠋

ᠬᠦᠮᠦᠨᠯᠢᠭ ᠤᠬᠠᠭᠠᠨ ᠦ ᠪᠠᠻᠠᠯᠠᠸᠷ ᠤᠨ ᠳ᠋ᠢᠫᠯᠣᠮ ᠦᠨ ᠠᠵᠢᠯ ᠦᠨ ᠬᠢ ᠪᠠᠨ ᠬᠦᠷᠢᠶᠡᠨ ᠳ᠋ᠦ ᠪᠢ ᠬᠡᠯᠡ ᠰᠢᠨᠵᠢᠯᠡᠯ ᠦᠨ ᠬᠤᠶᠠᠷ ᠥᠭᠦᠯᠡᠯ ᠣᠷᠴᠢᠭᠤᠯᠤᠭᠰᠠᠨ ᠨᠢ ᠵᠢᠩᠬᠢᠨᠢ ᠣᠷᠴᠢᠭᠤᠯᠭ᠎ᠠ ᠬᠢᠬᠦ᠂ ᠠᠩᠬ᠎ᠠ ᠣᠳᠠᠭ᠎ᠠ ᠵᠢᠨ ᠤᠯᠠᠲᠠᠢ ᠣᠷᠤᠯᠳᠤᠯᠭ᠎ᠠ ᠪᠣᠯᠣᠭᠰᠠᠨ᠃ ᠨᠢᠭᠡ ᠨᠢ ᠰᠲ᠋ᠷᠦᠺᠲ᠋ᠦᠷᠠᠯᠢᠰᠲ (ᠪᠦᠲᠦᠴᠡ ᠵᠦᠢ ᠵᠢᠨ ᠬᠡᠯᠡ ᠰᠢᠨᠵᠢᠮᠡᠯᠴᠢ) ᠪᠣᠯᠬᠤ ᠬᠠᠲ᠋ᠲ᠋ᠣᠷᠢ ᠰᠢᠷᠣᠣ᠋ (Hattori Shirō) ᠵᠢᠨ ᠳᠠᠢᠨ ᠦ ᠳᠠᠷᠠᠭ᠎ᠠ ᠪᠢᠴᠢᠭᠰᠡᠨ ᠵᠦᠢᠯ ᠪᠠᠢᠭᠰᠠᠨ᠃ ᠨᠡᠷ᠎ᠡ ᠲᠣᠮᠢᠶ᠎ᠠ ᠵᠢ ᠣᠨᠤᠪᠴᠢᠲᠠᠢ ᠣᠷᠴᠢᠭᠤᠯᠠᠬᠤ ᠡᠴᠡ ᠪᠤᠰᠤᠳ ᠨᠢ ᠲᠡᠢᠮᠦ ᠬᠡᠴᠡᠭᠦᠦ ᠪᠠᠢᠭ᠎ᠠ ᠦᠭᠡᠢ᠃ ᠨᠥᠭᠦᠭᠡ ᠨᠢ ᠤᠯᠠᠮᠵᠢᠯᠠᠯᠲᠤ ᠬᠡᠯᠡ ᠵᠦᠢᠴᠢ ᠪᠣᠯᠬᠤ ᠬᠠᠰᠢᠮᠣᠲᠣ᠋ ᠰᠢᠨᠺᠢᠴᠢ (Hashimoto Shinkichi) ᠵᠢᠨ 1930 ᠊ᠤᠳ ᠣᠨ ᠦ ᠦᠶ᠎ᠡ ᠳ᠋ᠦ ᠪᠢᠴᠢᠭᠰᠡᠨ ᠥᠭᠦᠯᠡᠯ ᠪᠠᠢᠭᠰᠠᠨ᠃ ᠬᠠᠰᠢᠮᠣᠲᠣ᠋ ᠪᠣᠯ ᠶᠠᠫᠣᠨ ᠬᠡᠯᠡ ᠵᠦᠢ ᠵᠢᠨ ᠳᠦᠷᠢᠮ ᠢ ᠵᠣᠬᠢᠶᠠᠵᠤ ᠡᠨᠡ ᠨᠢ ᠰᠤᠷᠭᠠᠭᠤᠯᠢ ᠪᠣᠯᠤᠨ ᠣᠯᠠᠨ ᠨᠡᠢᠲᠡ ᠳ᠋ᠦ ᠬᠡᠷᠡᠭᠯᠡᠭᠳᠡᠳᠡᠭ ᠪᠣᠯᠤᠭᠰᠠᠨ ᠵᠢᠠᠷ ᠵᠢᠠᠨ ᠠᠯᠳᠠᠷᠲᠠᠢ ᠬᠦᠮᠦᠨ᠃ ᠪᠢ ᠤᠷᠢᠳᠤ ᠨᠢ ᠲᠡᠢᠮᠦ ᠲᠦᠭ ᠲᠠᠭᠬᠢᠭᠰᠡᠨ᠂ ᠲᠣᠳᠣᠷᠬᠠᠢ ᠮᠡᠳᠡᠭᠡᠵᠢ ᠵᠢᠨ ᠵᠦᠢᠯ ᠢ ᠨᠢᠭᠡ ᠪᠥᠷᠢᠴᠢᠯᠡᠨ ᠲᠠᠢᠯᠪᠤᠷᠢᠯᠠᠵᠤ ᠪᠢᠴᠢᠭᠰᠡᠨ ᠥᠭᠥᠯᠡᠯ ᠲᠡᠢ ᠲᠠᠭᠠᠷᠴᠢ ᠪᠠᠢᠭ᠎ᠠ ᠦᠭᠡᠢ ᠶᠤᠮ᠃ ᠪᠢ ᠡᠭᠦᠨ ᠢ ᠤᠷᠴᠢᠭᠤᠯᠬᠤ ᠭᠡᠳ ᠥᠭᠦᠯᠡᠪᠦᠷᠢ ᠪᠡᠷ ᠨᠢ ᠵᠠᠳᠠᠯᠤᠨ ᠢᠯᠭᠠᠵᠤ᠂ ᠪᠦᠷᠢ ᠮᠢᠬᠠᠴᠢᠯᠠᠨ ᠣᠷᠴᠢᠭᠤᠯᠳᠠᠭ ᠠᠷᠭ᠎ᠠ ᠪᠠᠷᠢᠯᠳᠤᠭ᠎ᠠ ᠣᠷᠣᠬᠤ ᠠᠴᠠ ᠥᠭᠡᠷ᠎ᠡ ᠠᠷᠭ᠎ᠠ ᠦᠭᠡᠢ ᠪᠣᠯᠵᠤ ᠪᠢᠯᠡ᠃ ᠬᠡᠳᠦᠢ ᠪᠡᠷ ᠥᠭᠦᠯᠡᠪᠦᠷᠢ ᠵᠦᠢ ᠪᠡᠷ ᠨᠢ ᠵᠠᠳᠠᠯᠵᠤ ᠴᠢᠳᠠᠭᠰᠠᠨ ᠴᠤ᠂ ᠠᠩᠭ᠍ᠯᠢ ᠪᠠᠷ ᠨᠢ ᠣᠢᠯᠠᠭᠠᠮᠵᠢᠲᠠᠢ᠂ ᠣᠨᠣᠪᠴᠢᠲᠠᠢ ᠨᠠᠢᠷᠠᠭᠤᠯᠭ᠎ᠠ ᠲᠠᠢ ᠭᠡᠵᠦ ᠰᠠᠨᠠᠭᠳᠠᠬᠤ ᠪᠠᠷ ᠲᠡᠢᠮᠦ ᠥᠭᠦᠯᠡᠪᠦᠷᠢ ᠪᠣᠯᠭᠠᠨ ᠣᠷᠴᠢᠭᠤᠯᠵᠤ ᠪᠠᠭᠤᠯᠭᠠᠬᠤ ᠨᠢ ᠬᠠᠮᠤᠭ ᠤᠨ ᠬᠡᠴᠡᠭᠦᠦ ᠪᠠᠢᠭᠰᠠᠨ ᠶᠤᠮ᠃ ᠣᠳᠣ ᠴᠤ ᠭᠡᠭᠰᠡᠨ ᠲᠡᠷᠡ ᠣᠷᠴᠢᠭᠤᠯᠭ᠎ᠠ ᠵᠢ ᠬᠠᠷᠠᠬᠤ ᠪᠣᠯᠭᠠᠨ ᠳ᠋ᠤ ᠪᠠᠨ ᠢᠴᠡᠵᠦ ᠰᠠᠨᠠᠭ᠎ᠠ ᠵᠣᠪᠠᠳᠠᠭ᠃

Hashimoto Shinkichi
ᠬᠠᠰᠢᠮᠣᠲᠣ᠋ ᠰᠢᠨᠺᠢᠴᠢ

ᠠᠩᠬᠠᠨ ᠤ ᠠᠵᠢᠯ

᠋ ᠪᠢ ᠶᠠᠫᠣᠨ ᠦ ᠶᠡᠬᠡ ᠰᠤᠷᠭᠠᠭᠤᠯᠢ ᠪᠠᠨ ᠲᠡᠭᠦᠰᠦᠭᠰᠡᠨ ᠦ ᠳᠠᠷᠠᠭ᠎ᠠ ᠲ᠋ᠣᠻᠢᠣ᠋᠋  ᠳ᠋ᠠᠬᠢ ᠠᠦ᠋ᠰᠲ᠋ᠷᠠᠯᠢᠶ᠎ᠠ ᠵᠢᠨ ᠡᠯᠴᠢᠨ ᠰᠠᠢᠳ ᠤᠨ ᠶᠠᠮᠤᠨ ᠳ᠋ᠦ ᠣᠷᠴᠢᠭᠤᠯᠤᠭᠴᠢ ᠪᠠᠷ ᠣᠷᠤᠵᠤ ᠠᠩᠬ᠎ᠠ ᠤᠳᠠᠭ᠎ᠠ ᠵᠢᠩᠬᠢᠨᠢ ᠣᠷᠴᠢᠭᠤᠯᠤᠭᠴᠢ ᠵᠢᠨ ᠠᠵᠢᠯ ᠬᠢᠬᠦ ᠪᠣᠯᠣᠭᠰᠠᠨ᠃ ᠲᠡᠷᠡ ᠶᠠᠮᠠᠷ ᠠᠵᠢᠯ ᠪᠣᠢ ᠭᠡᠪᠡᠯ᠂ ᠦᠳᠡ ᠡᠴᠡ ᠡᠮᠦᠨ᠎ᠡ ᠶᠠᠫᠣᠨ ᠦ ᠰᠣᠨᠢᠨ ᠦ ᠥᠭᠦᠯᠡᠯ ᠦᠳ ᠠᠩᠭ᠍ᠯᠢ ᠬᠡᠯᠡ ᠤᠷᠤᠭᠤ ᠣᠷᠴᠢᠭᠤᠯᠵᠤ᠂ ᠦᠳᠡ ᠡᠴᠡ ᠬᠣᠢᠰᠢ ᠡᠯᠳᠡᠪ ᠶᠠᠩᠵᠤ ᠵᠢᠨ ᠮᠠᠲ᠋ᠧᠷᠢᠶᠠᠯ ᠣᠷᠴᠢᠭᠤᠯᠳᠠᠭ ᠪᠠᠢᠭᠰᠠᠨ᠃ ᠣᠷᠴᠢᠭᠤᠯᠤᠭᠰᠠᠨ ᠰᠣᠨᠢᠨ ᠦ ᠥᠭᠦᠯᠡᠯ ᠦᠳ ᠢ ᠡᠯᠴᠢᠨ ᠰᠠᠢᠳ ᠵᠢᠨ ᠶᠠᠮᠤᠨ ᠦ ᠬᠣᠯᠪᠤᠭᠳᠠᠬᠤ ᠲᠠᠰᠤᠭ ᠦᠨ ᠲᠦᠰᠢᠮᠡᠯ ᠦᠳ ᠶᠡᠬᠡ ᠣᠷᠣᠨ ᠦ ᠪᠠᠨ ᠶᠠᠮᠤᠨ ᠳ᠋ᠦ ᠯᠠᠪᠯᠠᠬᠤ ᠮᠠᠲ᠋ᠧᠷᠢᠶᠠᠯ ᠪᠣᠯᠭᠠᠨ ᠬᠡᠷᠡᠭᠯᠡᠳᠡᠭ ᠪᠠᠢᠭᠰᠠᠨ ᠭᠡᠨ᠎ᠡ᠃

᠋ᠲᠡᠷᠡ ᠦᠶ᠎ᠡ ᠳᠦ᠂ ᠠᠦ᠋ᠰᠲ᠋ᠷᠠᠯᠢᠶ᠎ᠠ ᠵᠢᠨ ᠡᠯᠴᠢᠨ ᠰᠠᠢᠳ ᠤᠨ ᠶᠠᠮᠤᠨ ᠦ ᠰᠣᠨᠢᠨ ᠦ ᠣᠷᠴᠢᠭᠤᠯᠭ᠎ᠠ ᠠᠮᠧᠷᠢᠺᠠ ᠵᠢᠨ ᠡᠯᠴᠢᠨ ᠰᠠᠢᠳ ᠤᠨ ᠶᠠᠮᠤᠨ ᠦ ᠬᠢ ᠡᠴᠡ ᠨᠢ ᠬᠠᠮᠢᠶ᠎ᠠ ᠦᠭᠡᠢ ᠰᠠᠢᠨ ᠭᠡᠳᠡᠭ ᠵᠢᠡᠷ ᠮᠠᠨᠠᠢᠬᠢᠨ ᠪᠠᠬᠠᠷᠬᠠᠳᠠᠭ ᠪᠠᠢᠭᠰᠠᠨ᠃ ᠠᠮᠧᠷᠢᠺᠠ ᠵᠢᠨ ᠡᠯᠴᠢᠨ ᠰᠠᠢᠳ ᠤᠨ ᠶᠠᠮᠤᠨ ᠦᠬᠢᠨ ᠦ ᠣᠷᠴᠢᠭᠤᠯᠤᠭᠰᠠᠨ ᠣᠷᠴᠢᠭᠤᠯᠭ᠎ᠠ ᠨᠢ ᠡᠬᠡ ᠵᠢ ᠨᠢ ᠦᠭᠡᠰ᠂ ᠪᠦᠲᠦᠴᠡ ᠪᠡᠷ ᠨᠢ ᠦᠭᠡᠴᠢᠯᠡᠨ ᠣᠷᠴᠢᠭᠤᠯᠤᠭᠰᠠᠨ ᠨᠢ ᠣᠷᠴᠢᠭᠤᠯᠭ᠎ᠠ ᠭᠡᠵᠦ ᠨᠡᠷᠡᠯᠡᠬᠦ ᠳ᠋ᠦ ᠪᠡᠷᠬᠡ ᠪᠠᠢᠭᠰᠠᠨ ᠶᠤᠮ᠃ ᠬᠠᠷᠢᠨ ᠡᠨᠡ ᠣᠷᠴᠢᠭᠤᠯᠬᠤ ᠠᠷᠭ᠎ᠠ ᠪᠣᠳᠠᠲᠤ ᠦᠨᠳᠦᠰᠦᠯᠡᠯ ᠲᠡᠢ ᠪᠠᠢᠭᠰᠠᠨ᠃ ᠡᠨᠡ ᠶᠠᠭᠤ ᠪᠤᠢ ᠭᠡᠪᠡᠯ᠂ ᠶᠠᠫᠣᠨ ᠬᠡᠯᠡ ᠮᠡᠳᠡᠳᠡᠭ ᠠᠮᠧᠷᠢᠺᠠ ᠵᠢᠨ ᠲᠦᠰᠢᠮᠡᠯ ᠲᠡᠷᠡ ᠣᠷᠴᠢᠭᠤᠯᠭ᠎ᠠ ᠵᠢ ᠤᠩᠰᠢᠪᠠᠯ ᠶᠠᠫᠣᠨ ᠬᠡᠯᠡᠨ ᠦ ᠡᠬᠡ ᠳᠡᠭᠡᠷ᠎ᠡ ᠶᠠᠭᠤ ᠬᠡᠯᠡᠵᠦ ᠪᠠᠢᠭᠠᠭ᠎ᠠ ᠢ ᠨᠡᠯᠢᠶᠡᠨ ᠵᠥᠪ ᠵᠦᠢ ᠲᠡᠢ ᠣᠢᠯᠠᠭᠠᠵᠤ ᠴᠢᠳᠠᠳᠠᠭ ᠪᠠᠢᠭᠰᠠᠨ᠃ ᠠᠮᠧᠷᠢᠺᠠ ᠵᠢᠨ ᠡᠯᠴᠢᠨ ᠰᠠᠢᠳ ᠤᠨ ᠶᠠᠮᠤᠨ ᠳ᠋ᠦ ᠡᠬᠡ ᠵᠢᠨ ᠤᠳᠬ᠎ᠠ ᠵᠢ ᠨᠢ ᠪᠦᠳᠡᠭᠢᠷᠡᠭᠦᠯᠬᠦ ᠭᠣᠶᠣ ᠠᠩᠭ᠍ᠯᠢ ᠬᠡᠯᠡ ᠪᠤᠰᠤ᠂ ᠮᠢᠬᠠᠴᠢᠯᠠᠭᠰᠠᠨ ᠣᠷᠴᠢᠭᠤᠯᠭ᠎ᠠ ᠬᠡᠷᠡᠭᠲᠡᠢ ᠪᠠᠢᠵᠡᠢ᠃

᠋ᠮᠠᠨᠠᠢ ᠣᠷᠴᠢᠭᠤᠯᠭ᠎ᠠ ᠠᠮᠧᠷᠢᠺᠠ ᠵᠢᠨ ᠡᠯᠴᠢᠨ ᠰᠠᠢᠳ ᠤᠨ ᠶᠠᠮᠤᠨ ᠦ ᠬᠢ ᠡᠴᠡ ᠢᠯᠡᠭᠦᠦ ᠶᠨᠱᠢᠭᠤᠷᠭ᠎ᠠ ᠲᠠᠢ ᠪᠠᠢᠭᠰᠠᠨ ᠴᠤ ᠭᠡᠰᠡᠨ᠂ ᠵᠠᠷᠢᠮ ᠳᠠᠭᠠᠨ ᠡᠬᠡ ᠳᠡᠭᠡᠷ᠎ᠡ ᠪᠠᠢᠬᠤ ᠦᠭᠡᠢ ᠵᠦᠢᠯ ᠢ ᠨᠡᠮᠡᠵᠦ ᠪᠢᠴᠢᠳᠡᠭ ᠪᠠᠢᠭᠰᠠᠨ ᠨᠢ ᠬᠠᠴᠢᠷᠬᠠᠯᠲᠠᠢ᠃ ᠵᠢᠱᠢᠶ᠎ᠡ ᠨᠢ ᠲᠤᠬᠠᠢ ᠵᠢᠨ ᠦᠶ᠎ᠡ ᠵᠢᠨ ᠠᠦ᠋ᠰᠲ᠋ᠷᠠᠯᠢᠶ᠎ᠠ ᠵᠢᠨ ᠲᠡᠷᠢᠭᠦᠨ ᠰᠠᠢᠳ ᠲᠠᠯᠢᠢᠭᠠᠴᠢ ᠪᠣᠪ ᠬᠤᠣᠺ ᠪᠠᠢᠭᠰᠠᠨ᠃ ᠶᠫᠣᠨ ᠦ ᠰᠣᠨᠢᠨ ᠳ᠋ᠦ ᠶᠡᠷᠦ ᠨᠢ 豪ホーク首相 Gō Hōku shushō (ᠠᠦ᠋ᠰᠲ᠋ᠷᠠᠯᠢᠶ᠎ᠠ ᠵᠢᠨ ᠬᠣᠤᠺ ᠲᠡᠷᠢᠭᠦᠨ ᠰᠠᠢᠳ) ᠭᠡᠵᠦ ᠪᠢᠴᠢᠳᠡᠭ ᠪᠠᠢᠭᠰᠠᠨ ᠴᠤ ᠮᠠᠨᠠᠢ ᠨᠢᠭᠡ ᠣᠷᠴᠢᠭᠤᠯᠤᠭᠴᠢ ᠮᠠᠰᠢ ᠬᠦᠨᠳᠦᠯᠡᠨ ᠡᠬᠡ ᠳ᠋ᠦ ᠪᠠᠢᠬᠤ ᠦᠭᠡᠢ the Prime Minister of Australia the Hon. Robert James Lee Hawke ᠪᠣᠯᠬᠤ 《ᠠᠦ᠋ᠰᠲ᠋ᠷᠠᠯᠢᠶ᠎ᠠ ᠵᠢᠨ ᠲᠡᠷᠢᠭᠦᠨ ᠰᠠᠢᠳ ᠡᠷᠬᠢᠮ ᠷᠣᠪᠧᠷᠲ ᠵᠡᠢᠮᠡᠰ ᠯᠢ ᠬᠣᠣᠺ》 ᠭᠡᠵᠦ ᠣᠷᠴᠢᠭᠤᠯᠵᠤ ᠪᠠᠢᠭᠰᠠᠨ᠃

᠋ᠣᠷᠴᠢᠭᠤᠯᠤᠭᠴᠢ ᠵᠢᠨ ᠬᠤᠪᠢ ᠳ᠋ᠤ᠂ ᠪᠢ ᠶᠠᠫᠣᠨ ᠬᠡᠯᠡᠨ ᠦ ᠥᠭᠦᠯᠡᠯ ᠦᠨ ᠠᠭᠤᠯᠭ᠎ᠠ ᠵᠢ ᠠᠯᠢ ᠪᠣᠯᠬᠤ ᠬᠠᠷᠠᠭᠤᠯᠤᠩᠭᠠᠨ ᠵᠥᠪ ᠨᠠᠢᠷᠠᠭᠤᠯᠭ᠎ᠠ ᠲᠠᠢ ᠠᠩᠭ᠋ᠯᠢ ᠬᠡᠯᠡ ᠪᠡᠷ ᠢᠯᠡᠷᠡᠭᠦᠯᠬᠦ ᠵᠣᠷᠢᠯᠭ᠎ᠠ ᠲᠠᠢ ᠪᠠᠢᠭᠰᠠᠨ᠃ ᠪᠢ ᠲᠣᠭᠲᠠᠭᠰᠠᠨ ᠬᠡᠯᠪᠡᠷᠢ ᠲᠡᠢ ᠶᠠᠫᠣᠨ ᠤ ᠰᠣᠨᠢᠨ ᠤ ᠥᠭᠦᠯᠡᠯ ᠦᠨ ᠨᠠᠢᠷᠠᠭᠤᠯᠭ᠎ᠠ ᠤᠩᠰᠢᠬᠤ ᠳ᠋ᠤ ᠳᠠᠳᠤᠯᠭᠠᠵᠢᠭᠰᠠᠨ ᠤᠴᠢᠷ ᠠᠴᠠ᠂ ᠡᠮᠦᠨ᠎ᠡ ᠨᠢ ᠬᠢᠭᠰᠡᠨ ᠣᠷᠴᠢᠭᠤᠯᠭ᠎ᠠ ᠨᠤᠭᠤᠳ ᠠᠴᠠ ᠪᠠᠨ ᠢᠯᠡᠭᠦᠦ ᠥᠰᠦᠨ ᠳᠡᠪᠰᠢᠵᠦ ᠪᠠᠢᠭᠰᠠᠨ ᠭᠡᠵᠦ ᠪᠣᠳᠣᠵᠤ ᠪᠠᠢᠨ᠎ᠠ᠃

᠋ᠣᠷᠴᠢᠭᠤᠯᠭ᠎ᠠ ᠬᠢᠬᠦ ᠳ᠋ᠦ ᠪᠡᠨ ᠪᠢ ᠬᠣᠶᠠᠷ ᠵᠦᠢᠯ ᠳᠡᠭᠡᠷ᠎ᠡ ᠠᠩᠬᠠᠷᠤᠯ ᠢᠶᠠᠨ ᠬᠠᠨᠳᠤᠭᠤᠯᠵᠤ ᠪᠠᠢᠯ᠎ᠠ᠃

᠋ᠨᠢᠭᠡ ᠳ᠋ᠦ ᠨᠢ ᠮᠡᠷᠭᠡᠵᠢᠯ ᠦᠨ ᠦᠭᠡ ᠬᠡᠯᠡᠯᠭᠡ᠂ ᠪᠠᠢᠭᠤᠯᠭ᠎ᠠ ᠵᠢᠨ ᠨᠡᠷ᠎ᠡ ᠭᠡᠬᠦ ᠮᠡᠲᠦ ᠨᠡᠷ᠎ᠡ ᠲᠣᠮᠢᠶ᠎ᠠ ᠢ ᠵᠥᠪ ᠣᠨᠤᠭᠠᠨ ᠲᠣᠭᠲᠠᠮᠠᠯ ᠬᠡᠷᠡᠭᠯᠡᠬᠦ ᠵᠣᠷᠢᠯᠭ᠎ᠠ ᠲᠠᠢ ᠪᠠᠢᠭᠰᠠᠨ᠃ ᠬᠠᠮᠲᠤ ᠠᠵᠢᠯᠯᠠᠭᠰᠠᠳ ᠦᠨ ᠠᠭᠠᠵᠢᠮ ᠵᠢᠠᠷ ᠪᠦᠷᠢᠳᠦᠭᠦᠯᠦᠭᠰᠡᠨ ᠦᠭᠡᠰ ᠦᠨ ᠲᠠᠢᠯᠪᠤᠷᠢ ᠪᠣᠯᠣᠨ ᠲᠡᠷᠡ ᠦᠶ᠎ᠡ ᠵᠢᠨ ᠬᠣᠶᠠᠷ ᠬᠡᠯᠡᠨ ᠦ ᠨᠡᠷ᠎ᠡ ᠲᠣᠮᠢᠶ᠎ᠠ᠂ ᠦᠭᠡ ᠬᠡᠯᠡᠯᠭᠡ ᠵᠢᠨ ᠲᠣᠯᠢ ᠪᠢᠴᠢᠭ ᠦᠳ ᠨᠠᠳᠠ ᠳ᠋ᠤ ᠵᠠᠢᠯᠠᠰᠢ ᠦᠭᠡᠢ ᠱᠠᠭᠠᠷᠳᠠᠯᠭᠠᠲᠠᠢ ᠬᠡᠷᠡᠭᠰᠡᠯ ᠮᠢᠨᠢ ᠪᠣᠯᠵᠤ ᠪᠠᠢᠭᠰᠠᠨ᠃

᠋ᠪᠠᠢᠭᠤᠯᠭ᠎ᠠ ᠶᠢᠨ ᠨᠡᠷ᠎ᠡ ᠵᠢᠨ ᠡᠩ ᠦᠨ ᠵᠢᠱᠢᠶ᠎ᠡ ᠭᠡᠪᠡᠯ᠂ ᠲᠤᠬᠠᠢ ᠵᠢᠨ ᠦᠶ᠎ᠡ ᠳ᠋ᠦ 通商産業省 tsūshō sangyō-shō (ᠲᠣᠪᠴᠢᠯᠠᠭᠰᠠᠨ ᠨᠡᠷ᠎ᠡ 通産省 tsūsan-shō) ᠭᠡᠳᠡᠭ ᠶᠠᠮᠤ ᠪᠠᠢᠭᠰᠠᠨ᠃ ᠲᠡᠷᠡ ᠶᠠᠮᠤᠨ ᠳ᠋ᠤ Ministry of International Trade and Industry (ᠣᠯᠠᠨ ᠤᠯᠤᠰ ᠦᠨ ᠬᠤᠳᠠᠯᠳᠤᠭ᠎ᠠ᠂ ᠠᠵᠤ ᠦᠢᠯᠡᠳᠪᠦᠷᠢ ᠦᠨ ᠶᠠᠮᠤ᠂ ᠲᠣᠪᠴᠢᠯᠠᠭᠰᠠᠨ ᠨᠡᠷ᠎ᠡ MITI) ᠬᠡᠮᠡᠬᠦ ᠲᠣᠭᠲᠠᠭᠰᠠᠨ ᠠᠩᠭ᠍ᠯᠢ ᠨᠡᠷ᠎ᠡ ᠪᠠᠢᠭᠰᠠᠨ ᠶᠤᠮ᠃ ᠣᠷᠴᠢᠭᠤᠯᠤᠭᠴᠢ ᠳᠤᠷ᠎ᠠ ᠪᠠᠷ ᠵᠢᠠᠨ Department of Trade and Industry (ᠬᠤᠳᠠᠯᠳᠤᠭ᠎ᠠ᠂ ᠠᠵᠤ ᠦᠢᠯᠡᠳᠪᠦᠷᠢ ᠦᠨ ᠬᠡᠯᠲᠡᠰ) ᠰᠢᠭ᠌ ᠥᠭᠡᠷ᠎ᠡ ᠦᠭᠡ ᠪᠡᠷ ᠣᠷᠴᠢᠭᠤᠯᠠᠪᠠᠯ᠂ ᠤᠩᠰᠢᠬᠤ ᠬᠦᠮᠦᠰ ᠥᠭᠡᠷ᠎ᠡ ᠪᠠᠢᠭᠤᠯᠭ᠎ᠠ ᠵᠢ ᠵᠠᠭᠠᠳᠠᠭ ᠭᠡᠵᠦ ᠪᠣᠳᠤᠨ᠎ᠠ᠃

METI
METI

᠋(2001 ᠣᠨ ᠳ᠋ᠦ MITI ᠵᠢ 経済産業省 keizai sangyō-shō᠂ ᠲᠣᠪᠴᠢᠯᠠᠨ ᠨᠡᠷ᠎ᠡ 経産省 keisan-shō᠂ ᠭᠡᠵᠦ ᠰᠢᠨ᠎ᠡ ᠪᠡᠷ ᠨᠡᠷᠡᠯᠡᠭᠰᠡᠨ᠃ ᠠᠩᠭ᠍ᠯᠢ ᠪᠠᠷ Ministry of Economy, Trade and Industry — 《ᠠᠵᠤ ᠠᠬᠤᠢ᠂ ᠬᠤᠳᠠᠯᠳᠤᠭ᠎ᠠ᠂ ᠠᠵᠤ ᠦᠢᠯᠡᠳᠪᠦᠷᠢ ᠦᠨ ᠶᠠᠮᠤ》 (METI) ᠭᠡᠳᠡᠭ᠃)

᠋ᠮᠡᠷᠭᠡᠵᠢᠯ ᠦ ᠦᠭᠡᠰ ᠦᠨ ᠵᠢᠱᠢᠶ᠎ᠡ ᠭᠡᠪᠡᠯ᠂ ᠴᠠᠬᠢᠯᠭᠠᠨ ᠦ ᠡᠭᠦᠰᠭᠡᠭᠦᠷ ᠲᠤ ᠠᠰᠢᠭᠯᠠᠳᠠᠭ ᠨᠡᠭᠦᠷᠡᠰᠦ ᠵᠢ ᠮᠣᠩᠭᠣᠯ ᠵᠢᠠᠷ 《ᠡᠷᠴᠢᠮ ᠬᠦᠴᠦᠨ ᠦ ᠨᠡᠭᠦᠷᠡᠰᠦ》 ᠭᠡᠳᠡᠭ᠃ ᠡᠨᠡ ᠲᠥᠷᠦᠯ ᠦᠨ ᠨᠡᠭᠦᠷᠡᠰᠦ ᠵᠢ ᠶᠠᠫᠣᠨ ᠵᠢᠡᠷ 一般炭 ippan-tan᠂ ᠪᠢᠴᠢᠭᠰᠡᠨᠴᠢᠯᠡᠨ ᠬᠡᠯᠪᠡᠯ 《ᠵᠢᠷ ᠦᠨ ᠨᠡᠭᠦᠷᠡᠰᠦ》ᠭᠡᠳᠡᠭ᠃ ᠠᠩᠭ᠍ᠯᠢ ᠵᠢᠡᠷ steaming coal (ᠠᠭᠤᠷ ᠭᠠᠷᠭᠠᠬᠤ ᠨᠡᠭᠦᠷᠡᠰᠦ) ᠡᠰᠡᠬᠦᠯ᠎ᠡ thermal coal (ᠳᠤᠯᠠᠭᠠᠨ ᠤ ᠨᠡᠭᠦᠷᠡᠰᠦ) ᠭᠡᠵᠦ ᠣᠷᠴᠢᠭᠤᠯᠬᠤ ᠬᠡᠷᠡᠭᠲᠡᠢ᠃

ᠴᠠᠬᠢᠯᠭᠠᠨ ᠦ ᠥᠷᠲᠡᠭᠡ
ᠨᠡᠭᠦᠷᠡᠰᠦ ᠪᠡᠷ ᠠᠵᠢᠯᠯᠠᠳᠠᠭ ᠴᠠᠬᠢᠯᠭᠠᠨ ᠦ ᠥᠷᠲᠡᠭᠡ (Wikimedia)

᠋ᠲᠣᠬᠢᠷᠠᠭᠰᠠᠨ ᠮᠡᠷᠭᠡᠵᠢᠯ ᠦᠨ ᠦᠭᠡ ᠵᠢ ᠬᠡᠷᠡᠭᠯᠡᠬᠦ ᠨᠢ ᠴᠢᠬᠤᠯᠠ ᠭᠡᠳᠡᠭ ᠢ ᠡᠷᠡᠭᠦᠯ ᠤᠬᠠᠭᠠᠨ ᠵᠢᠡᠷ ᠣᠢᠯᠠᠭᠠᠬᠤ ᠴᠢᠳᠠᠪᠤᠷᠢ ᠦᠭᠡᠢ ᠬᠦᠮᠦᠰ ᠪᠠᠰᠠ ᠪᠠᠢᠳᠠᠭ᠃ ᠣᠯᠠᠨ ᠵᠢᠯ ᠦᠨ ᠳᠠᠷᠠᠭ᠎ᠠ ᠨᠡᠭᠦᠷᠡᠰᠦ ᠵᠢᠨ ᠲᠥᠷᠥᠯ ᠢ ᠣᠭᠲᠤ ᠮᠡᠳᠡᠬᠦ ᠦᠭᠡᠢ ᠨᠢᠭᠡ ᠺᠣᠮᠫᠠᠨᠢ ᠵᠢᠨ ᠣᠷᠴᠢᠭᠤᠯᠤᠭᠴᠢ ᠵᠢ ᠶᠠᠫᠣᠨ᠂ ᠳᠤᠮᠳᠠᠳᠤ ᠣᠯᠣᠰ ᠠᠷᠠᠯᠵᠢᠶᠠᠨ ᠤ ᠬᠣᠷᠰᠢᠭᠴᠢ ᠳ᠋ᠦ ᠣᠷᠴᠢᠭᠤᠯᠭ᠎ᠠ ᠬᠢᠵᠦ ᠪᠠᠢᠭ᠎ᠠ ᠵᠢ ᠪᠢ ᠰᠣᠨᠤᠰᠤᠭᠰᠠᠨ ᠪᠢᠯᠡ᠃ ᠶᠠᠫᠣᠨ ᠵᠢᠡᠷ 《ᠡᠷᠴᠢᠮ ᠬᠦᠴᠦᠨ ᠦ ᠨᠡᠭᠦᠷᠡᠰᠦ》ᠵᠢ 一般炭 ippan-tan (ᠵᠢᠷ ᠦᠨ ᠨᠡᠭᠦᠷᠡᠰᠦ) ᠭᠡᠭᠡᠳ᠂ ᠬᠢᠲᠠᠳ ᠵᠢᠡᠷ 动力煤 dònglì-méi (ᠬᠥᠳᠡᠯᠭᠡᠭᠴᠢ ᠬᠦᠴᠦᠨ ᠦ ᠨᠡᠭᠦᠷᠡᠰᠦ) ᠡᠰᠡᠬᠦᠯ᠎ᠡ 电煤 diàn-méi (ᠴᠠᠬᠢᠯᠭᠠᠨ ᠦ ᠨᠡᠭᠦᠷᠡᠰᠦ) ᠭᠡᠳᠡᠭ᠃ ᠬᠠᠷᠢᠨ ᠲᠡᠷᠡ ᠣᠷᠴᠢᠭᠤᠯᠤᠭᠴᠢ ᠶᠠᠭ ᠢᠵᠢᠯ ᠤᠳᠬ᠎ᠠ ᠲᠠᠢ ᠭᠡᠳᠡᠭ ᠢ ᠠᠩᠵᠠᠭᠠᠷᠠᠭ᠎ᠠ ᠦᠭᠡᠢ᠂ ᠬᠣᠶᠠᠷ ᠲᠠᠯ᠎ᠠ ᠦᠨ ᠦᠭᠡ ᠵᠢ ᠮᠢᠬᠠᠴᠢᠯᠠᠨ ᠣᠷᠴᠢᠭᠤᠯᠵᠤ ᠪᠠᠢᠭᠰᠠᠨ᠃ ᠲᠡᠢᠮᠦ ᠤᠴᠢᠷ ᠡᠴᠡ᠂ ᠬᠡᠯᠡᠯᠴᠡᠭᠡ ᠨᠢ

ᠶᠠᠫᠣᠨ ᠲᠠᠯ᠎ᠠ᠄ ᠪᠣᠭᠤᠨᠢ ᠬᠤᠭᠤᠴᠠᠭᠠᠨ ᠤ ᠡᠷᠴᠢᠮ ᠬᠦᠴᠦᠨ ᠦ ᠨᠡᠭᠦᠷᠡᠰᠦ ᠵᠢᠨ ᠵᠠᠬ᠎ᠠ ᠵᠡᠭᠡᠯᠢ ᠵᠢ ᠶᠠᠭᠠᠬᠢᠵᠤ ᠬᠠᠷᠠᠬᠤ ᠪᠣᠢ?
ᠳᠤᠮᠳᠠᠳᠤ ᠣᠯᠣᠰ ᠲᠠᠯ᠎ᠠ᠄ ᠪᠢᠳᠡ ᠨᠠᠷᠠ ᠡᠷᠴᠢᠮ ᠬᠦᠴᠦᠨ ᠦ ᠨᠡᠭᠦᠷᠡᠰᠦ ᠵᠢᠨ ᠦᠨ᠎ᠡ ᠨᠢ ᠪᠠᠭᠤᠨ᠎ᠠ ᠭᠡᠵᠦ ᠪᠣᠳᠣᠵᠤ ᠪᠠᠢᠨ᠎ᠠ᠃

ᠭᠡᠵᠦ ᠶᠠᠷᠢᠬᠤ ᠪᠠᠢᠭᠰᠠᠨ ᠢ

ᠶᠠᠫᠣᠨ ᠲᠠᠯ᠎ᠠ᠄ ᠪᠣᠭᠤᠨᠢ ᠬᠤᠭᠤᠴᠠᠭᠠᠨ ᠤ ᠵᠢᠷ ᠦᠨ ᠨᠡᠭᠦᠷᠡᠰᠦ ᠵᠢᠨ ᠵᠠᠬ᠎ᠠ ᠵᠡᠭᠡᠯᠢ ᠵᠢ ᠶᠠᠭᠠᠬᠢᠵᠤ ᠬᠠᠷᠠᠬᠤ ᠪᠣᠢ?
ᠳᠤᠮᠳᠠᠳᠤ ᠣᠯᠣᠰ ᠲᠠᠯ᠎ᠠ᠄ ᠪᠢᠳᠡ ᠨᠠᠷᠠ ᠬᠥᠳᠡᠯᠭᠡᠭᠴᠢ ᠬᠦᠴᠦᠨ ᠦ ᠨᠡᠭᠦᠷᠡᠰᠦ ᠵᠢᠨ ᠦᠨ᠎ᠡ ᠨᠢ ᠪᠠᠭᠤᠨ᠎ᠠ ᠭᠡᠵᠦ ᠪᠣᠳᠣᠵᠤ ᠪᠠᠢᠨ᠎ᠠ᠃

ᠭᠡᠵᠦ ᠶᠠᠷᠢᠭᠰᠠᠨ ᠡᠴᠡ ᠪᠣᠯᠵᠤ ᠲᠠᠯ᠎ᠠ ᠊ᠤᠳ ᠠᠨᠳᠠᠭᠤ ᠣᠢᠯᠠᠭᠠᠯᠴᠠᠬᠤ ᠮᠠᠭᠠᠳ ᠦᠭᠡᠢ ᠪᠠᠢᠭᠰᠠᠨ᠃ ᠠᠵᠠ ᠪᠣᠯᠬᠤ ᠳᠤ ᠬᠣᠶᠠᠷ ᠲᠠᠯ᠎ᠠ ᠨᠡᠭᠦᠷᠡᠰᠦ ᠵᠢᠨ ᠬᠤᠳᠠᠯᠳᠤᠭ᠎ᠠ ᠵᠢ ᠨᠡᠪᠲᠡᠷᠬᠡᠢ ᠮᠡᠳᠡᠳᠡᠭ ᠪᠠᠢᠭᠰᠠᠨ ᠪᠣᠯᠬᠤ ᠪᠠᠷ ᠡᠨᠳᠡᠭᠦᠷᠡᠯ ᠭᠠᠷᠤᠭ᠎ᠠ ᠦᠭᠡᠢ᠃

ᠭᠠᠩ ᠬᠠᠢᠯᠬᠤ ᠵᠤᠤᠬ᠎ᠠ
ᠺᠤᠪᠡ ᠭᠠᠩ ᠲᠡᠮᠦᠷ ᠦᠨ ᠺᠣᠮᠫᠠᠨᠢ ᠵᠢᠨ ᠥᠨᠳᠥᠷ (ᠭᠠᠩ ᠬᠠᠢᠯᠬᠤ) ᠵᠤᠤᠬ᠎ᠠ (Steel 360)

᠋ᠳᠠᠰᠢᠷᠠᠮᠳᠠ ᠬᠡᠯᠡᠬᠦ ᠳ᠋ᠦ᠂ ᠬᠡᠦᠷᠰᠢᠭᠦᠯᠬᠦ ᠨᠡᠭᠦᠷᠡᠰᠦ ᠵᠢ ᠠᠩᠭ᠍ᠯᠢ ᠵᠢᠡᠷ coking coal (ᠬᠡᠦᠷᠰᠢᠭᠦᠯᠬᠦ ᠨᠡᠭᠦᠷᠡᠰᠦ) ᠡᠰᠡᠪᠡᠯ metallurgical coal (ᠲᠡᠮᠦᠷᠯᠢᠭ ᠬᠠᠢᠯᠤᠭᠤᠯᠬᠤ ᠨᠡᠭᠦᠷᠡᠰᠦ)᠂ ᠶᠠᠫᠣᠨ ᠵᠢᠡᠷ 原料炭 genryō-tan (ᠲᠡᠭᠦᠬᠡᠢ ᠡᠳ᠋ ᠦᠨ ᠨᠡᠭᠦᠷᠡᠰᠦ)᠂ ᠬᠢᠲᠠᠳ ᠵᠢᠡᠷ 炼焦煤 / 焦煤 liánjiāo-méi / jiāo-méi (ᠬᠡᠦᠷᠰᠢᠭᠦᠯᠬᠦ ᠨᠡᠭᠦᠷᠡᠰᠦ / ᠬᠡᠦᠷᠰᠦ) ᠡᠰᠡᠪᠡᠯ 冶金煤 уějīn-méi (ᠲᠡᠮᠦᠷᠯᠢᠭ ᠬᠠᠢᠯᠤᠭᠤᠯᠬᠤ ᠨᠡᠭᠦᠷᠡᠰᠦ) ᠭᠡᠳᠡᠭ᠃

᠋ᠬᠣᠶᠠᠷ ᠲᠤ ᠨᠢ᠂ ᠡᠬᠡ ᠵᠢᠨ ᠪᠦᠲᠦᠴᠡ᠂ ᠦᠭᠡ ᠵᠢ ᠬᠡᠲᠦᠷᠬᠡᠢ ᠮᠥᠷᠳᠡᠭᠰᠡᠨ ᠡᠴᠡ ᠪᠣᠯᠤᠭᠰᠠᠨ ᠡᠪ ᠳᠦᠢ ᠦᠭᠡᠢ ᠥᠭᠦᠯᠡᠪᠦᠷᠢ ᠵᠢ ᠵᠢᠭᠳᠡᠬᠡᠨ ᠤᠶᠠᠩᠭᠠᠯᠢᠭ ᠥᠭᠦᠯᠡᠪᠦᠷᠢ ᠪᠣᠯᠭᠠᠬᠤ ᠵᠣᠷᠢᠯᠭᠠᠲᠠᠢ ᠪᠠᠢᠭᠰᠠᠨ᠃ ᠬᠠᠱᠢᠮᠣᠲ᠋ᠣ ᠱᠢᠨᠺᠢᠴᠢ ᠵᠢᠨ ᠥᠭᠦᠯᠡᠯ ᠦᠨ ᠣᠷᠴᠢᠭᠤᠯᠣᠭᠰᠠᠨ ᠦᠶ᠎ᠡ ᠳ᠋ᠦ ᠪᠡᠨ ᠤᠬᠠᠭᠠᠷᠠᠭᠰᠠᠨ ᠰᠢᠭ᠂ ᠶᠠᠫᠣᠨ ᠬᠡᠯᠡᠨ ᠦ ᠥᠭᠦᠯᠡᠪᠦᠷᠢ ᠵᠢ ᠠᠩᠭ᠍ᠯᠢ ᠬᠡᠯᠡ ᠤᠷᠤᠭᠤ ᠣᠷᠴᠢᠭᠤᠯᠬᠤ ᠳᠤ ᠪᠠᠢᠩᠭᠤ ᠠᠮᠠᠷ ᠦᠭᠡᠢ ᠪᠠᠢᠳᠠᠭ᠃ ᠮᠢᠬᠠᠴᠢᠯᠠᠨ ᠣᠷᠴᠢᠭᠤᠯᠤᠭᠰᠠᠨ ᠪᠣᠯᠬᠢ ᠪᠦᠲᠦᠴᠡ ᠵᠢ ᠰᠠᠢᠵᠢᠷᠠᠭᠤᠯᠵᠤ᠂ ᠥᠭᠦᠯᠡᠪᠦᠷᠢ ᠵᠢᠨ ᠬᠡᠯᠪᠡᠷᠢ ᠵᠢ ᠠᠩᠭ᠍ᠯᠢ ᠬᠡᠯᠡᠨ ᠦ ᠬᠡᠯᠪᠡᠷᠢ ᠲᠦ ᠣᠷᠤᠭᠤᠯᠵᠤ ᠥᠭᠡᠷᠡᠴᠢᠯᠡᠬᠦ ᠱᠠᠭᠠᠷᠳᠠᠯᠭᠠᠲᠠᠢ᠃

᠋ᠵᠢᠱᠢᠶᠡᠯᠡᠪᠡᠯ᠂ ᠲᠤᠬᠠᠢ ᠵᠢᠨ ᠦᠶ᠎ᠡ ᠵᠢᠨ ᠲᠣᠮᠤᠬᠠᠨ ᠠᠰᠠᠭᠤᠳᠠᠯ ᠦᠨ ᠲᠤᠬᠠᠢ ᠶᠠᠫᠣᠨ ᠦ ᠰᠣᠨᠢᠨ ᠳ᠋ᠦ ᠪᠠᠢᠩᠭᠤ ᠭᠣᠣᠯ ᠰᠠᠨᠠᠭ᠎ᠠ ᠨᠢ ᠡᠮᠦᠨᠡ ᠨᠢ ᠰᠠᠭᠤᠷᠢ ᠮᠡᠳᠡᠭᠡᠯᠡᠯ ᠪᠣᠯᠭᠠᠨ ᠲᠣᠳᠤᠳᠬᠠᠯ ᠭᠡᠰᠢᠭᠦᠨ ᠥᠭᠦᠯᠡᠪᠦᠷᠢ ᠵᠢᠨ ᠬᠡᠯᠪᠡᠷᠢ ᠪᠡᠷ ᠣᠷᠤᠭᠤᠯᠳᠠᠭ᠃ ᠵᠢᠱᠢᠶ᠎ᠡ ᠨᠢ᠂ ᠳᠠᠷᠠᠭᠠᠬᠢ ᠲᠣᠳᠤᠳᠬᠠᠯ ᠭᠡᠰᠢᠭᠦᠨ ᠥᠭᠦᠯᠡᠪᠦᠷᠢ ᠵᠢᠡᠷ ᠡᠬᠢᠯᠡᠭᠰᠡᠨ ᠡᠭᠦᠯᠡᠯ ᠶᠡᠬᠡ ᠲᠦᠭᠡᠮᠡᠯ ᠪᠠᠢᠭᠰᠠᠨ᠄

ᠠᠮᠡᠷᠢᠻᠠ ᠶᠢᠨ ᠨᠢᠭᠡᠳᠦᠭᠰᠡᠨ ᠤᠯᠤᠰ᠂ ᠶᠠᠫᠣᠨ ᠦ ᠬᠠᠷᠢᠯᠴᠠᠭᠠᠨ ᠳᠤ ᠮᠠᠰᠢ ᠲᠣᠮᠤ ᠮᠠᠷᠭᠤᠭᠠᠨᠲᠠᠢ ᠰᠡᠳᠦᠪ ᠪᠣᠯᠤᠭᠰᠠᠨ ᠦᠬᠡᠷ ᠦᠨ ᠮᠢᠬ᠎ᠠ᠂ ᠵᠦᠷᠵᠢ ᠵᠢᠨ ᠣᠷᠤᠭᠤᠯᠬᠤ ᠲᠣᠭ᠎ᠠ ᠬᠡᠮᠵᠢᠶ᠎ᠡ ᠵᠢ ᠨᠡᠮᠡᠬᠦ ᠠᠰᠠᠭᠤᠳᠠᠯ ᠲᠠᠢ ᠬᠣᠯᠪᠤᠭᠳᠠᠭᠤᠯᠤᠨ᠂ ᠶᠠᠫᠣᠨ ᠦ ᠬᠥᠳᠡᠭᠡ ᠠᠵᠤ ᠠᠬᠤᠢ ᠵᠢᠨ ᠰᠠᠢᠳ ᠥᠨᠦᠳᠦᠷ [....] ᠭᠡᠵᠦ ᠬᠡᠯᠡᠯ᠎ᠡ᠃

ᠠᠩᠭ᠍ᠯᠢ ᠤᠷᠣᠭᠤ ᠦᠭᠡᠴᠢᠯᠡᠨ ᠣᠷᠴᠢᠭᠤᠯᠪᠠᠯ ᠵᠢᠭᠠᠬᠠᠨ ᠪᠣᠯᠬᠢ ᠥᠭᠦᠯᠡᠪᠦᠷᠢ ᠪᠣᠯᠣᠭᠰᠠᠨ ᠪᠣᠯᠪᠠᠴᠤ ᠪᠢ ᠳᠠᠩᠳᠠ ᠡᠬᠡ ᠵᠢᠨ ᠥᠭᠦᠯᠡᠪᠦᠷᠢ ᠵᠦᠢ ᠵᠢᠨ ᠪᠦᠲᠦᠴᠡ ᠵᠢ ᠪᠠᠷᠢᠮᠲᠠᠯᠠᠵᠤ ᠣᠷᠴᠢᠭᠤᠯᠳᠠᠭ ᠪᠠᠢᠭᠰᠠᠨ᠃ ᠭᠡᠪᠡᠴᠦ ᠮᠠᠨᠠᠢ ᠨᠢᠭᠡ ᠣᠷᠴᠢᠭᠤᠯᠤᠭᠴᠢ ᠡᠭᠦᠨ ᠢ ᠢᠩᠭᠢᠵᠦ ᠣᠷᠴᠢᠭᠤᠯᠤᠭᠰᠠᠨ ᠨᠢ᠄

ᠦᠬᠡᠷ ᠦᠨ ᠮᠢᠬ᠎ᠠ᠂ ᠵᠦᠷᠵᠢ ᠵᠢᠨ ᠣᠷᠤᠭᠤᠯᠬᠤ ᠲᠣᠭ᠎ᠠ ᠬᠡᠮᠵᠢᠶ᠎ᠡ ᠵᠢ ᠨᠡᠮᠡᠬᠦ ᠠᠰᠠᠭᠤᠳᠠᠯ ᠠᠮᠡᠷᠢᠻᠠ ᠶᠢᠨ ᠨᠢᠭᠡᠳᠦᠭᠰᠡᠨ ᠤᠯᠤᠰ᠂ ᠶᠠᠫᠣᠨ ᠦ ᠬᠠᠷᠢᠯᠴᠠᠭᠠᠨ ᠳᠤ ᠮᠠᠰᠢ ᠲᠣᠮᠤ ᠮᠠᠷᠭᠤᠭᠠᠨᠲᠠᠢ ᠰᠡᠳᠦᠪ ᠪᠣᠯᠵᠡᠢ᠃ ᠶᠠᠫᠣᠨ ᠦ ᠬᠥᠳᠡᠭᠡ ᠠᠵᠤ ᠠᠬᠤᠢ ᠵᠢᠨ ᠰᠠᠢᠳ ᠥᠨᠦᠳᠦᠷ [....] ᠭᠡᠵᠦ ᠬᠡᠯᠡᠯ᠎ᠡ᠃

ᠲᠡᠢᠨ ᠬᠦ ᠣᠷᠭᠢᠴᠤᠯᠵᠤ ᠲᠣᠳᠤᠳᠬᠠᠯ ᠭᠡᠰᠢᠭᠦᠨ ᠥᠭᠦᠯᠡᠪᠦᠷᠢ ᠵᠢᠨ ᠪᠣᠯᠬᠢ ᠨᠠᠢᠷᠠᠭᠤᠯᠭ᠎ᠠ ᠡᠴᠡ ᠵᠠᠢᠯᠠᠰᠬᠢᠵᠦ ᠴᠢᠳᠠᠭᠰᠠᠨ᠃ ᠬᠠᠷᠢᠨ ᠡᠨᠡ ᠣᠷᠴᠢᠭᠤᠯᠭ᠎ᠠ ᠰᠣᠨᠢᠨ ᠦ ᠨᠢᠭᠡᠳᠦᠭᠡᠷ ᠥᠭᠦᠯᠡᠪᠦᠷᠢ ᠲᠦ ᠪᠦᠬᠦ ᠡᠭᠦᠯᠡᠯ ᠦᠨ ᠭᠣᠣᠯ ᠰᠠᠨᠠᠭ᠎ᠠ ᠵᠢ ᠢᠯᠡᠷᠡᠭᠦᠯᠬᠦ ᠱᠠᠭᠠᠷᠳᠠᠯᠭᠠᠲᠠᠢ ᠭᠡᠳᠡᠭ ᠠᠩᠭ᠍ᠯᠢ ᠬᠡᠯᠡᠨ ᠦ ᠰᠡᠳᠬᠦᠯ ᠵᠦᠢ ᠵᠢᠨ ᠭᠣᠣᠯ ᠳᠦᠷᠢᠮ ᠢ ᠵᠥᠷᠢᠴᠡᠭᠰᠡᠨ᠃ ᠡᠨᠡ ᠥᠭᠦᠯᠡᠯ ᠦᠨ ᠰᠡᠳᠦᠪ 《ᠦᠬᠡᠷ ᠦᠨ ᠮᠢᠬ᠎ᠠ᠂ ᠵᠦᠷᠵᠢ ᠵᠢᠨ ᠣᠷᠤᠭᠤᠯᠬᠤ ᠲᠣᠭ᠎ᠠ ᠬᠡᠮᠵᠢᠶ᠎ᠡ ᠵᠢ ᠨᠡᠮᠡᠬᠦ ᠠᠰᠠᠭᠤᠳᠠᠯ ᠪᠣᠯᠣᠭᠰᠠᠨ》 ᠪᠤᠰᠤ᠂ ᠶᠠᠫᠣᠨ ᠦ ᠬᠥᠳᠡᠭᠡ ᠠᠵᠤ ᠠᠬᠤᠢ ᠵᠢᠨ ᠰᠠᠢᠳ ᠡᠨᠡ ᠠᠰᠠᠭᠤᠳᠠᠯ ᠦᠨ ᠲᠤᠬᠠᠢ ᠰᠠᠨᠠᠯ ᠵᠢᠠᠨ ᠢᠯᠡᠷᠬᠡᠢᠯᠡᠭᠰᠡᠨ ᠭᠡᠳᠡᠭ ᠨᠢ ᠴᠢᠬᠤᠯᠠ ᠪᠠᠢᠭᠰᠠᠨ᠃

ᠡᠳᠦᠭᠡ ᠶᠠᠫᠣᠨ ᠦ ᠰᠣᠨᠢᠨ ᠦ ᠪᠢᠴᠢᠬᠦ ᠠᠷᠭ᠎ᠠ ᠠᠩᠭ᠍ᠯᠢ ᠬᠡᠯᠡᠨ ᠦ ᠪᠢᠴᠢᠬᠦ ᠠᠷᠭ᠎ᠠ ᠵᠢ ᠠᠪᠤᠴᠤ ᠬᠡᠷᠡᠭᠯᠡᠭᠰᠡᠨ ᠵᠢᠡᠷ ᠡᠢᠮᠦ ᠷᠬᠡᠦ ᠮᠠᠶᠠᠭ ᠦᠨ ᠪᠢᠴᠢᠬᠦ ᠠᠷᠭ᠎ᠠ ᠪᠠᠭ᠎ᠠ ᠬᠡᠷᠡᠭᠯᠡᠬᠦ ᠪᠣᠯᠣᠭᠰᠠᠨ ᠪᠣᠯᠬᠤ ᠪᠠᠷ ᠡᠢᠮᠦ ᠣᠷᠴᠢᠭᠤᠯᠭ᠎ᠠ ᠵᠢᠨ ᠠᠰᠠᠭᠤᠳᠠᠯ ᠪᠠᠰ ᠴᠤ ᠪᠠᠭᠠᠰᠠᠭᠰᠠᠨ ᠪᠢᠯᠡ᠃

ᠲᠡᠭᠦᠨᠴᠢᠯᠡᠨ 《ᠬᠡᠲᠦᠷᠡᠭᠦᠦ ᠡᠲᠡᠭᠡᠳ (ᠬᠠᠷᠭᠢᠰ ᠡᠲᠡᠭᠡᠳ)》᠂ 《ᠰᠦᠷᠲᠡᠭᠦᠯᠬᠦ ᠶᠠᠪᠤᠳᠠᠯ》᠂ 《ᠳᠡᠯᠡᠬᠡᠢᠴᠢᠯᠡᠬᠦ》᠂ 《ᠪᠦᠬᠦ ᠪᠥᠮᠪᠦᠷᠴᠡᠭ ᠳᠤᠯᠠᠭᠠᠷᠠᠬᠤ》ᠭᠡᠬᠦ ᠮᠡᠲᠦ ᠰᠢᠨ᠎ᠡ ᠪᠡᠷ ᠳᠡᠯᠭᠡᠷᠡᠭᠰᠡᠨ ᠢᠯᠡᠷᠬᠡᠢᠯᠡᠯ ᠦᠦᠳ ᠳ᠋ᠦ ᠲᠣᠳᠤᠷᠬᠠᠢ᠂ ᠲᠣᠪᠴᠢᠬᠠᠨ᠂ ᠣᠢᠯᠠᠭᠠᠮᠵᠢᠲᠠᠢ ᠳᠦᠢᠬᠦ ᠦᠭᠡ ᠣᠯᠬᠤ ᠨᠢ ᠪᠠᠰ ᠴᠢᠬᠤᠯᠠ ᠠᠵᠢᠯ ᠪᠠᠢᠯ᠎ᠠ᠃ ᠡᠨᠡ ᠲᠠᠯ᠎ᠠ ᠳᠡᠭᠡᠷ᠎ᠡ ᠥᠨᠦ ᠵᠢᠨ ᠨᠡᠷᠡ ᠲᠣᠮᠢᠶ᠎ᠠ᠂ ᠦᠭᠡ ᠬᠡᠯᠡᠯᠭᠡ ᠵᠢᠨ ᠲᠣᠯᠢ ᠪᠢᠴᠢᠭ ᠴᠤ ᠮᠠᠱᠢ ᠶᠡᠬᠡ ᠬᠡᠷᠡᠭ ᠪᠣᠯᠪᠠ᠃

1980 ᠨᠤᠭᠤᠳ ᠣᠨ ᠳ᠋ᠦ ᠶᠠᠫᠣᠨ ᠦ ᠵᠠᠰᠠᠭ ᠦᠨ ᠭᠠᠵᠠᠷ ᠡᠷᠴᠢᠮ ᠬᠦᠴᠦᠨ ᠦ ᠬᠡᠷᠡᠭᠯᠡᠭᠡ ᠵᠢ ᠪᠠᠭᠠᠰᠬᠠᠬᠤ ᠵᠢᠨ ᠲᠤᠯᠠᠳᠠ᠂ ᠡᠷᠴᠢᠮ ᠬᠦᠴᠦ ᠶᠡᠬᠡ ᠬᠡᠷᠡᠭᠯᠡᠳᠡᠭ ᠦᠢᠯᠡᠳᠪᠦᠷᠢᠯᠡᠯ ᠦᠨ ᠲᠣᠭ᠎ᠠ ᠴᠥᠭᠡᠷᠡᠭᠦᠯᠬᠦ ᠪᠣᠯᠣᠨ ᠬᠠᠭᠠᠬᠤ ᠪᠣᠳᠤᠯᠭ᠎ᠠ ᠵᠢᠨ ᠪᠠᠲᠤᠯᠠᠨ ᠬᠡᠷᠡᠭᠵᠢᠭᠦᠯᠡᠭᠰᠡᠨ ᠶᠤᠮ᠃ ᠡᠨᠡ ᠦᠢᠯᠡ ᠶᠠᠪᠤᠴᠠ ᠵᠢ ᠶᠠᠫᠣᠨ ᠵᠢᠡᠷ 合理化 gōri-ka (ᠣᠨᠤᠪᠴᠢᠲᠠᠢ ᠪᠣᠯᠭᠠᠬᠤ) ᠭᠡᠵᠦ ᠬᠡᠯᠡᠳᠡᠭ᠃ ᠲᠤᠬᠠᠢ ᠵᠢᠨ ᠦᠶ᠎ᠡ ᠳ᠋ᠦ ᠠᠩᠭ᠍ᠯᠢ᠂ ᠠᠮᠧᠷᠢᠺᠠ ᠲᠦ ᠴᠤ ᠤᠯᠤᠯ ᠦᠨ ᠦᠢᠯᠡᠳᠪᠦᠷᠢ ᠵᠢᠨ ᠭᠠᠵᠠᠷ ᠦᠷ᠎ᠡ ᠠᠰᠢᠭ ᠦᠭᠡᠢ ᠪᠠᠢᠭᠰᠠᠨ ᠤᠴᠢᠷ ᠡᠴᠡ᠂ ᠨᠡᠢᠲᠡ ᠠᠵᠤ ᠠᠬᠤᠢ ᠵᠢᠨ ᠵᠢᠡᠨ ᠦᠷ᠎ᠡ ᠠᠰᠢᠭ ᠳᠡᠭᠡᠭᠰᠢᠯᠡᠭᠦᠯᠬᠦ ᠵᠢᠨ ᠲᠤᠯᠠᠳᠠ ᠬᠤᠪᠢᠴᠢᠯᠠᠬᠤ ᠶᠣᠰᠤᠲᠠᠢ ᠬᠡᠮᠡᠬᠦ ᠦᠵᠡᠯ ᠡᠷᠴᠢ ᠬᠦᠴᠦ ᠲᠡᠢ ᠥᠷᠨᠢᠵᠦ ᠪᠠᠢᠯ᠎ᠠ᠃ ᠵᠠᠬ᠎ᠠ ᠵᠡᠭᠡᠯᠢ ᠵᠢᠨ ᠡᠢᠨ ᠦᠷ᠎ᠡ ᠠᠰᠢᠭ ᠦᠭᠡᠢ ᠦᠭᠡᠢ ᠲᠠᠯ᠎ᠠ ᠵᠢ ᠰᠠᠢᠵᠢᠷᠠᠭᠤᠯᠬᠤ ᠵᠢᠨ ᠲᠥᠯᠦᠭᠡ᠂ ᠬᠦᠨᠳᠦ ᠰᠤᠷᠲᠠᠯ ᠢ ᠬᠠᠯᠠᠵᠤ᠂ ᠲᠠᠲᠠᠪᠤᠷᠢ ᠵᠢᠨ ᠬᠤᠪᠢ ᠬᠡᠮᠵᠢᠶ᠎ᠡ ᠵᠢ ᠪᠠᠭᠤᠷᠠᠭᠤᠯᠵᠤ᠂ ᠲᠥᠷᠦ ᠵᠢᠨ ᠪᠠᠢᠭᠤᠯᠭ᠎ᠠ ᠨᠤᠭᠤᠳ ᠦᠨ ᠬᠤᠪᠢ ᠳ᠋ᠦ᠂ ᠢᠯᠡᠭᠦᠳᠡᠭᠰᠡᠨ ᠲᠠᠰᠤᠭ᠂ ᠠᠵᠢᠯ ᠤᠨ ᠪᠠᠢᠷᠢ ᠵᠢ ᠴᠣᠮᠬᠠᠳᠬᠠᠵᠤ᠂ ᠮᠥᠨ ᠺᠣᠮᠫᠠᠨᠢ ᠵᠢᠨ ᠬᠤᠪᠢ ᠳ᠋ᠦ ᠢᠯᠡᠭᠦᠳᠡᠭᠰᠡᠨ ᠦᠢᠯᠡᠳᠪᠦᠷᠢ᠂ ᠠᠵᠢᠯ ᠤᠨ ᠪᠠᠢᠷᠢ ᠵᠢᠨ ᠴᠤ ᠦᠭᠡᠢ ᠬᠢᠬᠦ ᠬᠡᠷᠡᠭᠲᠡᠢ ᠪᠠᠢᠭᠰᠠᠨ᠃ ᠡᠨᠡ ᠦᠢᠯᠡ ᠶᠠᠪᠤᠴᠠ ᠵᠢ ᠴᠤ ᠶᠠᠫᠣᠨ ᠵᠢᠡᠷ 合理化 gōri-ka ᠭᠡᠵᠦ ᠬᠡᠯᠡᠳᠡᠭ᠃ ᠬᠠᠷᠢᠨ ᠠᠩᠭ᠍ᠯᠢ ᠬᠡᠯᠡ ᠤᠷᠤᠭᠤ 合理化 gōri-ka ᠵᠢ ᠶᠠᠭᠠᠬᠢᠵᠤ ᠣᠷᠴᠢᠭᠤᠯᠬᠤ ᠪᠣᠢ ᠭᠡᠳᠡᠭ ᠠᠰᠠᠭᠤᠳᠠᠯ ᠭᠠᠷᠴᠤ ᠢᠷᠡᠭᠰᠡᠨ᠃

ᠮᠢᠬᠠᠴᠢᠯᠠᠨ ᠣᠷᠴᠢᠭᠤᠯᠪᠠᠯ rationalise (ᠣᠨᠤᠪᠴᠢᠲᠠᠢ ᠪᠣᠯᠭᠠᠬᠤ) ᠪᠣᠯᠤᠨ᠎ᠠ᠃ ᠠᠩᠭ᠍ᠯᠢ᠂ ᠠᠦᠰᠲᠷᠠᠯᠢ᠎ᠠ ᠳ᠋ᠦ ᠠᠵᠤ ᠠᠬᠤᠢ ᠵᠢᠨ ᠤᠬᠠᠭᠠᠨᠲᠠᠨ ᠦ ᠦᠵᠡᠯ ᠰᠤᠷᠲᠠᠯ ᠢ ᠰᠢᠭᠤᠳ ᠢᠯᠡᠷᠬᠡᠢᠯᠡᠬᠦ ᠳ᠋ᠦ rationalise ᠨᠢ ᠲᠦᠭᠡᠮᠡᠯ ᠬᠡᠷᠡᠭᠯᠡᠭᠳᠡᠳᠡᠭ ᠪᠠᠢᠭᠰᠠᠨ᠃ ᠬᠠᠷᠢᠨ ᠠᠮᠧᠷᠢᠺᠠ ᠬᠦᠮᠦᠰ ᠲᠦ 《ᠣᠨᠤᠪᠴᠢᠲᠠᠢ ᠪᠣᠯᠭᠠᠬᠤ》 ᠭᠡᠳᠡᠭ ᠨᠢ ᠶᠡᠬᠡ ᠬᠠᠴᠢᠨ ᠰᠣᠨᠤᠰᠤᠭᠳᠠᠳᠠᠭ ᠪᠠᠢᠭᠰᠠᠨ ᠶᠤᠮ ᠰᠢᠭ ᠪᠠᠢᠭ᠎ᠠ ᠶᠤᠮ᠃ ᠠᠮᠧᠷᠢᠺᠠ ᠲᠦ ᠳᠡᠭᠡᠷᠡᠬᠢ ᠰᠠᠨᠠᠭ᠎ᠠ ᠵᠢ ᠢᠯᠡᠷᠬᠡᠢᠯᠡᠬᠦ ᠳ᠋ᠦ streamlining (ᠱᠤᠪᠲᠤᠩ ᠬᠡᠯᠪᠡᠷᠢ ᠲᠡᠢ ᠪᠣᠯᠭᠠᠬᠤ) ᠭᠡᠳᠡᠭ ᠦᠭᠡ ᠬᠡᠷᠡᠭᠯᠡᠭᠳᠡᠳᠡᠭ ᠪᠠᠢᠭᠰᠠᠨ᠃ ᠱᠤᠪᠲᠤᠩ ᠬᠡᠯᠪᠡᠷᠢ ᠭᠡᠳᠡᠭ ᠨᠢ 《ᠢᠯᠡᠭᠦᠳᠡᠭᠰᠡᠨ ᠶᠠᠭᠤᠮ᠎ᠠ ᠢ ᠬᠠᠰᠤᠬᠤ》ᠭᠡᠳᠡᠭ ᠤᠳᠬᠠᠲᠠᠢ ᠪᠥᠭᠡᠳ ᠡᠨᠡ ᠭᠣᠶᠣ ᠢᠯᠡᠷᠬᠡᠢᠯᠡᠯ ᠨᠢ ᠲᠡᠷᠡ ᠦᠶ᠎ᠡ ᠵᠢᠨ ᠨᠡᠷ᠎ᠡ ᠲᠣᠮᠢᠶ᠎ᠠ᠂ ᠦᠭᠡ ᠬᠡᠯᠡᠯᠭᠡ ᠵᠢᠨ ᠲᠣᠯᠢ ᠪᠢᠴᠢᠭ ᠲᠦ ᠠᠮᠧᠷᠢᠺᠠ ᠮᠠᠶᠢᠭ ᠤᠨ streamlining ᠭᠡᠳᠡᠭ ᠲᠦ ᠪᠠᠨ ᠳᠦᠢᠵᠦ ᠪᠠᠢᠭᠰᠠᠨ᠃ ᠬᠠᠷᠢᠨ ᠪᠢ ᠠᠦᠰᠲᠷᠠᠯᠢ᠎ᠠ ᠶᠣᠰᠤ ᠵᠠᠩᠰᠢᠯ ᠵᠢᠠᠷ rationalise (ᠣᠨᠤᠪᠴᠢᠲᠠᠢ ᠪᠣᠯᠭᠠᠬᠤ) ᠵᠢ ᠬᠡᠷᠡᠭᠯᠡᠭᠰᠡᠭᠡᠷ ᠯᠠ ᠪᠠᠢᠪᠠ᠃

hollowing out
Kūdōka ᠵᠢᠨ ᠲᠤᠬᠠᠢ ᠵᠢᠨ ᠬᠤᠷᠠᠯ

ᠲᠤᠬᠠᠢ ᠵᠢᠨ ᠦᠶ᠎ᠡ ᠳ᠋ᠦ ᠵᠠᠷᠤᠳᠠᠯ ᠵᠢᠡᠨ ᠬᠡᠮᠨᠡᠬᠦ ᠵᠣᠷᠢᠯᠭ᠎ᠠ ᠪᠠᠷ ᠶᠠᠫᠣᠨ ᠦ ᠺᠣᠮᠫᠠᠨᠢ ᠤᠤᠳ ᠪᠦᠲᠦᠭᠡᠭᠳᠡᠬᠦᠨ ᠦᠢᠯᠡᠳᠪᠦᠷᠢᠯᠡᠯ ᠵᠢᠡᠨ ᠭᠠᠳᠠᠭᠠᠳᠤ ᠤᠷᠤᠭᠣ ᠨᠡᠭᠦᠯᠭᠡᠨ ᠰᠢᠯᠵᠢᠭᠦᠯᠬᠦ ᠬᠠᠨᠳᠤᠯᠭ᠎ᠠ ᠲᠠᠢ ᠪᠣᠯᠤᠭᠰᠠᠨ᠃ ᠡᠨᠡ ᠦᠵᠡᠭᠳᠡᠯ ᠢ ᠶᠠᠫᠣᠨ ᠪᠡᠷ 産業空洞化 sangyō kūdōka (ᠠᠵᠤ ᠦᠢᠯᠡᠳᠪᠦᠷᠢ ᠵᠢᠨ ᠬᠣᠭᠤᠰᠤᠷᠠᠯ) ᠭᠡᠳᠡᠭ ᠦᠭᠡ ᠪᠡᠷ ᠬᠡᠯᠡᠳᠡᠭ᠃ ᠮᠠᠨᠠᠢ ᠨᠢᠭᠡ ᠣᠷᠴᠢᠭᠤᠯᠤᠭᠴᠢ kūdōka ᠵᠢᠨ ᠬᠠᠮᠤᠭ ᠦᠨ ᠵᠥᠪ ᠵᠦᠢᠲᠡᠢ ᠳᠦᠢᠬᠦ ᠦᠭᠡ ᠪᠣᠯ deindustrialisation (ᠦᠢᠯᠡᠳᠪᠦᠷᠢ ᠦᠭᠡᠢ ᠪᠣᠯᠬᠤ) ᠶᠤᠮ ᠬᠡᠮᠡᠬᠦ ᠰᠠᠨᠠᠯ ᠭᠠᠷᠭᠠᠭᠰᠠᠨ᠃ ᠣᠳᠣ ᠴᠤ ᠭᠡᠭᠰᠡᠨ ᠠᠯᠢ ᠠᠯᠢ ᠵᠢ ᠨᠢ ᠬᠡᠷᠡᠭᠯᠡᠭᠳᠡᠭᠰᠡᠭᠡᠷ ᠯᠠ ᠪᠠᠢᠨ᠎ᠠ᠃ ᠭᠡᠬᠢ ᠳᠡᠭᠡᠨ kūdōka ᠤᠭ ᠨᠢ ᠡᠮᠧᠷᠢᠺᠠ ᠵᠢᠨ hollowing out (ᠬᠣᠭᠤᠰᠤᠷᠠᠯ) ᠭᠡᠳᠡᠭ ᠦᠭᠡ ᠵᠢ ᠶᠠᠫᠣᠨ ᠬᠡᠯᠡ ᠤᠷᠤᠭᠤ ᠣᠷᠴᠢᠭᠤᠯᠤᠭᠰᠠᠨ ᠬᠡᠯᠪᠡᠷᠢ ᠶᠤᠮ᠃ ᠬᠠᠷᠢᠨ ᠲᠡᠷᠡ ᠦᠶ᠎ᠡ ᠵᠢᠨ ᠳᠡᠯᠭᠡᠷᠡᠭᠰᠡᠨ ᠢᠯᠡᠷᠬᠡᠢᠯᠡᠯ ᠪᠣᠯᠬᠤ 《ᠠᠵᠤ ᠦᠢᠯᠡᠳᠪᠦᠷᠢ ᠵᠢᠨ ᠬᠣᠭᠤᠰᠤᠷᠠᠯ》 ᠨᠢ ᠢᠯᠡᠭᠦᠦ ᠲᠣᠬᠢᠷᠠᠮᠵᠢᠲᠠᠢ ᠪᠠᠢᠭᠰᠠᠨ ᠪᠠᠢᠵᠤ ᠮᠠᠭᠠᠳ ᠦᠭᠡᠢ᠃

ᠨᠢᠭᠡ ᠦᠶ᠎ᠡ ᠪᠢ ᠥᠭᠡᠷ᠎ᠡ ᠣᠷᠴᠢᠭᠤᠯᠤᠭᠴᠢᠳ ᠲᠠᠢ ᠬᠠᠮᠲᠤ ᠣᠷᠴᠢᠭᠤᠯᠭ᠎ᠠ ᠵᠢᠨ ᠰᠤᠳᠤᠯᠭᠠᠨ ᠤ ᠪᠦᠯᠦᠭ ᠲᠦ ᠣᠷᠤᠯᠴᠠᠵᠤ᠂ ᠣᠷᠴᠢᠭᠤᠯᠤᠭᠴᠢ ᠬᠦᠮᠦᠨ ᠦ ᠮᠡᠳᠡᠬᠦ ᠶᠣᠰᠤᠲᠠᠢ ᠠᠷᠭ᠎ᠠ ᠪᠠᠷᠢᠯ ᠰᠤᠷᠤᠯᠴᠠᠳᠠᠭ ᠪᠠᠢᠯ᠎ᠠ᠃ ᠡᠨᠳᠡᠡᠴᠡ ᠪᠢ ᠥᠪᠡᠷ ᠲᠦ ᠲᠤᠰᠠ ᠪᠣᠯᠬᠤ ᠣᠯᠠᠨ ᠰᠢᠨ᠎ᠡ ᠶᠤᠮ ᠰᠤᠷᠴᠤ ᠠᠪᠤᠭᠰᠠᠨ ᠶᠤᠮ᠃ ᠣᠳᠣ ᠵᠢ ᠬᠦᠷᠲᠡᠯ᠎ᠡ Chris Holmes ᠦᠨ ᠢᠨᠢᠶᠡᠳᠦᠮᠲᠡᠢ ᠠᠩᠬᠠᠷᠤᠭᠤᠯᠭ᠎ᠠ ᠵᠢ ᠮᠠᠷᠲᠠᠭ᠎ᠠ ᠦᠭᠡᠢ ᠶᠠᠪᠣᠨ᠎ᠠ᠃ ᠶᠠᠫᠣᠨ ᠬᠡᠯᠡᠨ ᠳ᠋ᠦ mo (ᠮᠣᠩᠭᠣᠯ ᠬᠡᠯᠡᠨ ᠦ 〈ᠴᠤ〉 ᠲᠡᠢ ᠠᠳᠠᠯᠢ) ᠭᠡᠳᠡᠭ ᠦᠭᠡ ᠮᠠᠰᠢ ᠶᠡᠬᠡ ᠬᠡᠷᠡᠭᠯᠡᠭᠳᠡᠳᠡᠭ᠃ ᠬᠠᠷᠢᠨ mo ᠵᠢ ᠭᠠᠷᠬᠤ ᠪᠣᠯᠭᠠᠨ ᠳᠤ also᠂ even ᠭᠡᠵᠦ ᠣᠷᠴᠢᠭᠤᠯᠪᠠᠯ ᠪᠠᠢᠩᠭᠤ ᠬᠠᠴᠢᠨ ᠠᠩᠭ᠍ᠯᠢ ᠥᠭᠦᠯᠪᠦᠷᠢ ᠪᠣᠯᠳᠠᠭ᠃ Chris Holmes ᠶᠠᠫᠣᠨ ᠬᠡᠯᠡᠨ ᠦ ᠥᠭᠦᠯᠪᠦᠷᠢ ᠵᠢ ᠣᠷᠴᠢᠭᠤᠯᠬᠤ ᠳ᠋ᠦ ᠪᠠᠨ mo ᠵᠢ ᠲᠣᠭᠤᠬᠤ ᠦᠭᠡᠢ ᠪᠠᠢᠬᠤ ᠲᠤᠰᠤᠮ᠂ mo ᠴᠢᠮᠠᠳᠤ ᠢᠯᠡᠭᠦᠦ ᠶᠡᠬᠡ ᠬᠠᠢᠷᠠᠲᠠᠢ ᠪᠣᠯᠤᠨ᠎ᠠ ᠰᠢᠦ ᠭᠡᠵᠦ ᠬᠡᠯᠡᠵᠦ ᠪᠢᠯᠡ᠃ ᠡᠨᠡ ᠬᠦ ᠠᠷᠭ᠎ᠠ ᠪᠠᠷᠢᠯ ᠨᠢ ᠣᠷᠴᠢᠭᠤᠯᠤᠭᠴᠢ ᠵᠢ ᠦᠭᠡᠴᠢᠯᠡᠨ ᠣᠷᠴᠢᠭᠤᠯᠬᠤ ᠡᠴᠡ ᠬᠣᠯᠠᠳᠠᠭᠤᠯᠬᠤ ᠵᠣᠷᠢᠯᠭᠠᠲᠠᠢ ᠪᠠᠢᠭᠰᠠᠨ ᠨᠢ ᠣᠢᠯᠠᠭᠠᠮᠵᠢᠲᠠᠢ᠃

ᠴᠣᠴᠢᠷᠳᠠᠯ

ᠲᠡᠭᠡᠭᠡᠳ ᠨᠢᠭᠡ ᠡᠳᠦᠷ ᠡᠯᠴᠢᠨ ᠰᠠᠢᠳ ᠤᠨ ᠶᠠᠮᠤᠨ ᠦ ᠬᠥᠳᠡᠯᠮᠦᠷᠢ ᠵᠢᠨ ᠬᠡᠷᠡᠭ ᠦᠨ ᠵᠥᠪᠯᠡᠭᠴᠢ (ᠼᠠᠨᠵᠠᠨ) ᠨᠠᠮᠠᠢ ᠬᠠᠵᠢᠭᠤ ᠲᠡᠢᠰᠢ ᠨᠢ ᠳᠠᠭᠠᠭᠤᠯᠵᠤ ᠶᠠᠪᠤᠭᠠᠳ᠂ ᠮᠢᠨᠦ ᠣᠷᠴᠢᠭᠤᠯᠤᠭᠰᠠᠨ ᠶᠠᠭᠤᠮ᠎ᠠ ᠵᠢ ᠭᠣᠶᠣ ᠠᠩᠭ᠍ᠯᠢ ᠬᠡᠯᠡ ᠪᠣᠯᠣᠨ ᠶᠠᠫᠣᠨ ᠮᠠᠶᠢᠭ ᠦᠨ ᠬᠠᠴᠢᠨ ᠠᠩᠭ᠍ᠯᠢ ᠬᠡᠯᠡᠨ ᠦ ᠬᠣᠯᠢᠮᠠᠭ ᠭᠡᠵᠦ ᠬᠡᠯᠡᠬᠦ ᠳ᠋ᠦ᠂ ᠡᠨᠡ ᠨᠢ ᠨᠠᠮᠠᠢ ᠮᠠᠰᠢ ᠶᠡᠬᠡ ᠴᠣᠴᠢᠷᠳᠠᠭᠤᠯᠠᠭᠰᠠᠨ ᠪᠢᠯᠡ᠃ ᠵᠥᠪᠯᠡᠭᠴᠢ ᠣᠷᠴᠢᠭᠤᠯᠤᠭᠰᠠᠨ ᠥᠭᠦᠯᠡᠯ ᠢ ᠮᠢᠨᠢ ᠨᠠᠳᠠ ᠲᠠᠢ ᠬᠠᠮᠲᠤ ᠭᠦᠶᠦᠯᠭᠡᠨ ᠤᠩᠰᠢᠩᠭᠠ ᠣᠯᠠᠨ ᠦᠭᠡ ᠬᠡᠯᠡᠯᠭᠡ ᠵᠠᠭᠠᠵᠤ ᠥᠭᠴᠦ ᠠᠩᠬᠠᠷᠤᠭᠤᠯᠵᠤ ᠪᠢᠯᠡ᠃ ᠲᠤᠰᠠ ᠶᠠᠫᠣᠨ ᠦ ᠰᠡᠳᠬᠦᠯᠴᠢ ᠵᠢᠨ ᠪᠢᠴᠢᠭᠰᠡᠨ ᠥᠭᠦᠯᠡᠯ ᠦᠨ ᠰᠡᠳᠦᠪ ᠪᠣᠯ ᠠᠦ᠋ᠰᠲ᠋ᠷᠠᠯᠢᠶ᠎ᠠ ᠵᠢᠨ ᠤᠳᠤᠷᠢᠳᠤᠯᠭ᠎ᠠ ᠪᠣᠯᠣᠨ ᠠᠵᠢᠯᠴᠢᠳ ᠦᠨ ᠬᠣᠭᠤᠷᠤᠨᠳᠤᠬᠢ ᠬᠠᠷᠢᠯᠴᠠᠭᠠᠨ ᠤ ᠰᠢᠰᠲ᠋ᠧᠮ ᠪᠠ ᠨᠥᠬᠦᠴᠡᠯ ᠪᠠᠢᠳᠠᠯ ᠦᠨ ᠲᠤᠬᠠᠢ ᠪᠠᠢᠭᠰᠠᠨ ᠶᠤᠮ᠃ ᠵᠥᠪᠯᠡᠭᠴᠢ ᠨᠢᠭᠡ ᠬᠡᠯᠯᠡᠭᠡ ᠵᠢ ᠵᠠᠭᠠᠵᠤ᠂ path of industrial harmony ᠭᠡᠵᠦ ᠣᠷᠴᠢᠭᠤᠯᠬᠤ ᠶᠣᠰᠤᠲᠠᠢ ᠭᠡᠭᠰᠡᠨ᠃

ᠡᠨᠡ ᠬᠡᠯᠯᠡᠭᠡ ᠵᠢ ᠲᠠᠢᠯᠪᠤᠷᠢᠯᠠᠶ᠎ᠠ᠃ ᠠᠩᠭ᠍ᠯᠢ ᠬᠡᠯᠡᠨ ᠳ᠋ᠦ industrial relations ᠭᠡᠳᠡᠭ ᠵᠢ ᠮᠢᠬᠠᠴᠢᠯᠠᠨ ᠣᠷᠴᠢᠭᠤᠯᠠᠪᠠᠯ 《ᠠᠵᠤ ᠦᠢᠯᠡᠳᠪᠦᠷᠢ ᠵᠢᠨ ᠬᠠᠷᠢᠯᠴᠠᠭ᠎ᠠ》ᠭᠡᠳᠡᠭ ᠤᠳᠭᠠᠲᠠᠢ᠂ ᠬᠠᠷᠢᠨ ᠵᠢᠩᠬᠢᠨᠢ ᠤᠳᠬ᠎ᠠ ᠨᠢ 《ᠬᠥᠳᠡᠯᠮᠦᠷᠢᠴᠢᠳ ᠬᠥᠷᠦᠩᠭᠡᠲᠡᠨ ᠦ ᠬᠣᠭᠤᠷᠤᠨᠳᠤ ᠵᠢᠨ ᠬᠠᠷᠢᠯᠴᠠᠭ᠎ᠠ》᠂ ᠪᠣᠳᠠᠲᠤ ᠪᠠᠷ ᠬᠡᠯᠡᠪᠡᠯ ᠺᠣᠮᠫᠠᠨᠢ ᠪᠣᠯᠣᠨ ᠠᠵᠢᠯᠴᠢᠨ ᠦ ᠡᠪᠯᠡᠯ ᠦᠨ ᠬᠠᠷᠢᠯᠴᠠᠭ᠎ᠠ ᠭᠡᠭᠰᠡᠨ ᠦᠭᠡ᠃ ᠲᠤᠬᠠᠢ ᠵᠢᠨ ᠦᠶ᠎ᠡ ᠳ᠋ᠦ ᠠᠦ᠋ᠰᠲ᠋ᠷᠠᠯᠢᠶ᠎ᠠ ᠪᠠᠢᠩᠭᠤ ᠪᠣᠯᠳᠠᠭ ᠪᠠᠢᠭᠰᠠᠨ ᠬᠥᠳᠡᠯᠮᠦᠷᠢ ᠵᠢᠨ ᠮᠠᠷᠭᠤᠭᠠᠨ ᠪᠡᠷ ᠨᠢ ᠶᠡᠬᠡ ᠠᠯᠳᠠᠷᠲᠠᠢ ᠪᠠᠢᠭᠰᠠᠨ᠃ ᠡᠨᠡ ᠠᠰᠠᠭᠤᠳᠠᠯ ᠵᠢᠡᠨ ᠳᠡᠭᠡᠷᠡᠳᠡᠬᠦ ᠭᠡᠵᠦ ᠠᠵᠢᠯᠣᠢᠨ ᠦ ᠡᠪᠯᠡᠯ ᠦᠨ ᠬᠥᠳᠡᠯᠭᠡᠭᠡᠨ ᠠᠯᠢ ᠪᠣᠯᠬᠤ ᠠᠵᠢᠯ ᠬᠠᠶᠠᠯᠲᠠ ᠡᠴᠡ ᠵᠠᠢᠯᠠᠰᠬᠢᠵᠦ ᠠᠵᠢᠯ ᠣᠯᠭᠠᠭᠴᠢ ᠲᠠᠢ ᠡᠪ ᠨᠠᠢᠷᠠᠮᠳᠠᠯᠲᠠᠢ ᠵᠢᠠᠷ ᠬᠡᠯᠡᠯᠴᠡᠬᠦ ᠭᠡᠳᠡᠭ ᠪᠣᠳᠤᠯᠭ᠎ᠠ ᠪᠠᠲᠤᠯᠠᠭᠰᠠᠨ᠃ ᠡᠨᠡ ᠪᠣᠳᠤᠯᠭ᠎ᠠ ᠵᠢ path of industrial harmony - ᠠᠵᠢᠯ ᠣᠯᠭᠠᠭᠴᠢ ᠪᠠ ᠠᠵᠢᠯᠴᠢᠳ ᠦᠨ ᠬᠣᠭᠤᠷᠤᠨᠳᠤ ᠵᠢᠨ ᠡᠪ ᠨᠠᠢᠷᠠᠮᠳᠠᠯ ᠦᠨ ᠵᠠᠮ ᠭᠡᠳᠡᠭ᠃ ᠳᠡᠭᠡᠷ᠎ᠡ ᠳᠤᠷᠠᠰᠠᠭᠰᠠᠨ ᠪᠣᠪ ᠬᠣᠣᠺ ᠲᠡᠷᠢᠭᠦᠨ ᠰᠠᠢᠳ ᠪᠣᠯᠬᠤ ᠠᠴᠠ ᠡᠮᠦᠨ᠎ᠡ ᠡᠨᠡ ᠪᠣᠳᠤᠯᠭ᠎ᠠ ᠳ᠋ᠦ ᠮᠠᠰᠢ ᠨᠡᠮᠡᠷᠢ ᠬᠠᠨᠳᠢᠪ ᠣᠷᠤᠭᠤᠯᠠᠭᠰᠠᠨ᠃ ᠠᠦ᠋ᠰᠲ᠋ᠷᠠᠯᠢᠶ᠎ᠠ ᠤᠷᠤᠭᠤ ᠬᠥᠷᠦᠩᠭᠡ ᠣᠷᠤᠭᠤᠯᠬᠤ ᠡᠰᠡᠬᠦ ᠳ᠋ᠦ ᠪᠡᠨ ᠠᠦ᠋ᠰᠲ᠋ᠷᠠᠯᠢᠶ᠎ᠠ ᠤᠷᠤᠭᠤ ᠡᠷᠡᠭᠡᠯᠵᠡᠳᠡᠭ ᠪᠠᠢᠭᠰᠠᠨ ᠶᠠᠫᠣᠨ ᠺᠣᠮᠫᠠᠨᠢ ᠨᠤᠭᠤᠳ ᠢ ᠲᠠᠢᠪᠤᠰᠢᠷᠠᠭᠤᠯᠬᠤ ᠵᠢᠨ ᠲᠥᠯᠦᠭᠡ ᠵᠥᠪᠯᠡᠬᠦ ᠡᠨᠡ ᠪᠣᠳᠤᠯᠭ᠎ᠠ ᠵᠢ ᠣᠨᠴᠠᠯᠠᠨ ᠲᠡᠮᠳᠡᠭᠯᠡᠮᠡᠷ ᠪᠠᠢᠭᠰᠠᠨ ᠪᠠᠢᠬ᠎ᠠ᠃

《ᠬᠥᠳᠡᠯᠮᠦᠷᠢᠴᠢᠳ ᠬᠥᠷᠦᠩᠭᠡᠲᠡᠨ ᠦ ᠬᠣᠭᠤᠷᠤᠨᠳᠤ ᠵᠢᠨ ᠬᠠᠷᠢᠯᠴᠠᠭ᠎ᠠ》

ᠲᠡᠷᠡ ᠰᠡᠳᠬᠦᠯᠴᠢ path of industrial harmony ᠶᠢ ᠶᠠᠫᠣᠨ ᠵᠢᠡᠷ ᠶᠠᠭᠠᠬᠢᠵᠤ ᠢᠯᠡᠷᠬᠡᠢᠯᠡᠭᠰᠡᠨ ᠢ᠂ ᠪᠢ ᠶᠠᠭᠠᠬᠢᠵᠤ ᠠᠩᠭ᠍ᠯᠢ ᠬᠡᠯᠡ ᠤᠷᠤᠭᠤ ᠣᠷᠴᠢᠭᠤᠯᠤᠭᠰᠠᠨ ᠵᠢᠡᠨ ᠮᠠᠷᠲᠠᠭᠰᠠᠨ ᠪᠠᠢᠨ᠎ᠠ᠃ ᠬᠠᠷᠢᠨ ᠶᠠᠫᠣᠨ ᠵᠢᠡᠷ industrial relations ᠢ 労使関係 rōshi-kankei᠂ ᠶᠠᠭ 《ᠠᠵᠢᠯᠴᠢᠨ ᠠᠵᠢᠯ ᠣᠯᠭᠠᠭᠴᠢ ᠬᠣᠶᠠᠷ ᠦᠨ ᠬᠠᠷᠢᠯᠴᠠᠭ᠎ᠠ》 ᠭᠡᠵᠦ ᠬᠡᠯᠡᠳᠡᠭ ᠤᠴᠢᠷ ᠡᠴᠡ᠂ ᠪᠢ ᠰᠢᠭᠤᠳ management-labour relations (ᠤᠳᠤᠷᠢᠳᠤᠯᠭ᠎ᠠ ᠬᠥᠳᠡᠯᠮᠦᠷᠢᠴᠢᠳ ᠬᠣᠶᠠᠷ ᠦᠨ ᠬᠠᠷᠢᠯᠴᠠᠭ᠎ᠠ) ᠭᠡᠵᠦ ᠮᠢᠬᠠᠴᠢᠯᠠᠨ ᠣᠷᠴᠢᠭᠤᠯᠤᠭᠰᠠᠨ ᠪᠠᠢᠭᠰᠠᠨ ᠪᠠᠢᠬ᠎ᠠ᠃ ᠮᠢᠨᠤ ᠬᠤᠪᠢ ᠳᠤ ᠠᠦ᠋ᠰᠲ᠋ᠷᠠᠯᠢᠶ᠎ᠠ ᠵᠢᠨ ᠤᠩᠰᠢᠭᠴᠢᠳ ᠳ᠋ᠦ ᠶᠠᠫᠣᠨ ᠬᠡᠯᠡᠨ ᠦ ᠬᠡᠯᠪᠡᠷᠢ᠂ ᠤᠳᠬ᠎ᠠ ᠵᠢ ᠳᠠᠮᠵᠢᠭᠤᠯᠬᠤ ᠵᠣᠷᠢᠯᠭᠠᠲᠠᠢ ᠪᠠᠢᠭᠰᠠᠨ᠃ ᠨᠥᠭᠦᠭᠡ ᠲᠠᠯ᠎ᠠ ᠳᠤ ᠮᠠᠨᠠᠢ ᠵᠥᠪᠯᠡᠭᠴᠢ ᠵᠢᠨ ᠦᠵᠡᠯ ᠪᠣᠳᠤᠯ ᠢᠶᠠᠷ ᠡᠨᠡ ᠣᠷᠴᠢᠭᠤᠯᠭ᠎ᠠ ᠨᠢ ᠮᠠᠰᠢ ᠣᠨᠤᠪᠴᠢ ᠦᠭᠡᠢ ᠶᠤᠮ ᠪᠠᠢᠭᠰᠠᠨ ᠪᠣᠯᠤᠯᠲᠠᠢ᠃ ᠶᠠᠭᠠᠬᠢᠭᠠᠳ ᠭᠡᠪᠡᠯ᠂ ᠲᠡᠷᠡ ᠵᠥᠪᠯᠡᠭᠴᠢ ᠶᠠᠫᠣᠨ ᠰᠡᠳᠬᠦᠯᠴᠢ ᠵᠢ ᠠᠦ᠋ᠰᠲ᠋ᠷᠠᠯᠢᠶ᠎ᠠ ᠤᠷᠤᠭᠤ ᠶᠠᠪᠤᠭᠤᠯᠬᠤ ᠠᠵᠢᠯ ᠳᠤ ᠣᠷᠤᠯᠴᠠᠭᠰᠠᠨ ᠪᠠᠢᠵᠤ ᠮᠠᠭᠠᠳ ᠦᠭᠡᠢ ᠪᠥᠭᠡᠳ ᠠᠦ᠋ᠰᠲ᠋ᠷᠠᠯᠢᠶ᠎ᠠ ᠵᠢᠨ ᠬᠣᠯᠪᠤᠭᠳᠠᠬᠤ ᠬᠦᠮᠦᠰ ᠲᠦ ᠠᠵᠢᠯ ᠵᠢᠠᠨ ᠰᠠᠢᠨ ᠬᠢᠵᠦ ᠪᠠᠢᠭ᠎ᠠ ᠮᠡᠲᠦ ᠰᠡᠳᠬᠢᠭᠳᠡᠯ ᠢ ᠵᠠᠪᠠᠯ ᠲᠥᠷᠦᠭᠦᠯᠥᠮᠡᠷ ᠪᠠᠢᠭᠰᠠᠨ ᠪᠠᠢᠬ᠎ᠠ ᠯᠠ ᠳ᠎ᠠ᠃ ᠲᠡᠷᠡ ᠵᠥᠪᠯᠡᠭᠴᠢ Policy of peaceful labour-management relations (ᠤᠳᠤᠷᠢᠳᠤᠯᠭ᠎ᠠ ᠬᠥᠳᠡᠯᠮᠦᠷᠢᠴᠢᠳ ᠬᠣᠶᠠᠷ ᠦᠨ ᠬᠠᠷᠢᠯᠴᠠᠭ᠎ᠠ ᠡᠩᠬᠡ ᠲᠠᠢᠪᠤᠩᠴᠢ ᠪᠣᠳᠤᠯᠭ᠎ᠠ) ᠮᠡᠲᠦ ᠶᠠᠫᠣᠨ ᠮᠠᠶᠢᠭ ᠤᠨ ᠬᠠᠴᠢᠨ ᠠᠩᠭ᠍ᠯᠢ ᠬᠡᠯᠡ ᠵᠢ ᠠᠦ᠋ᠰᠲ᠋ᠷᠠᠯᠢᠶ᠎ᠠ ᠵᠢᠨ ᠬᠣᠯᠪᠤᠭᠳᠠᠬᠤ ᠬᠦᠮᠦᠰ ᠲᠦ ᠯᠠᠪᠲᠠᠢ ᠦᠵᠡᠭᠦᠯᠡᠮᠡᠷ ᠦᠭᠡᠢ ᠪᠠᠢᠭᠰᠠᠨ ᠪᠣᠯᠤᠯᠲᠠᠢ᠃ Path of industrial harmony ᠭᠡᠵᠦ ᠣᠷᠴᠢᠭᠤᠯᠬᠤ ᠶᠣᠰᠲᠠᠢ ᠪᠠᠢᠭᠰᠠᠨ᠃

ᠲᠡᠭᠡᠭᠡᠳ ᠪᠢ ᠨᠢᠭᠡ ᠴᠢᠬᠤᠯᠠ ᠶᠤᠮ ᠣᠢᠯᠠᠭᠠᠭᠰᠠᠨ ᠪᠢᠯᠡ᠃ ᠮᠢᠨᠦ ᠣᠷᠴᠢᠭᠤᠯᠬᠤ ᠠᠷᠭ᠎ᠠ ᠠᠮᠧᠷᠢᠺᠠ ᠵᠢᠨ ᠡᠯᠴᠢᠨ ᠰᠠᠢᠳ ᠤᠨ ᠶᠠᠮᠤᠨ ᠦᠨ ᠡᠴᠡ ᠪᠠᠷᠤᠭ ᠢᠯᠭᠠᠭ᠎ᠠ ᠦᠭᠡᠢ ᠪᠠᠢᠭᠰᠠᠨ ᠭᠡᠵᠦ᠃ ᠣᠷᠴᠢᠭᠤᠯᠤᠭᠰᠠᠨ ᠥᠭᠦᠯᠪᠦᠷᠢ ᠵᠢ ᠪᠣᠯᠬᠢ ᠪᠤᠰᠤ ᠪᠣᠯᠭᠠᠬᠤ ᠪᠠᠷ ᠵᠠᠰᠠᠵᠤ᠂ ᠤᠩᠰᠢᠭᠤᠷᠭᠠᠲᠠᠢ ᠶᠤᠮ ᠪᠣᠯᠭᠠᠬᠤ ᠵᠢᠨ ᠲᠥᠯᠦᠭᠡ ᠬᠦᠴᠦ ᠴᠢᠷᠮᠠᠢᠯᠲᠠ ᠭᠠᠷᠭᠠᠭᠰᠠᠨ ᠴᠤ᠂ ᠡᠬᠡ ᠵᠢᠨ ᠤᠳᠬ᠎ᠠ ᠵᠢ ᠣᠨᠤᠵᠤ ᠢᠯᠡᠷᠬᠡᠢᠯᠡᠵᠦ᠂ ᠤᠩᠰᠢᠭᠴᠢᠳ ᠵᠢᠡᠨ ᠳᠠᠮᠵᠢᠭᠤᠯᠬᠤ ᠵᠢ ᠭᠣᠣᠯ ᠵᠦᠢᠯ ᠭᠡᠵᠦ ᠪᠣᠳᠤᠵᠤ ᠪᠠᠢᠭᠰᠠᠨ ᠶᠤᠮ ᠯᠠ ᠳ᠎ᠠ᠃ ᠠᠦ᠋ᠰᠲ᠋ᠷᠠᠯᠢᠶ᠎ᠠ ᠵᠢᠨ ᠤᠩᠰᠢᠭᠴᠢᠳ ᠳ᠋ᠦ ᠭᠣᠶᠣ ᠬᠤᠪᠴᠠᠰᠤᠯᠠᠭᠰᠠᠨ ᠣᠷᠴᠢᠭᠤᠯᠭ᠎ᠠ ᠪᠤᠰᠤ᠂ ᠶᠠᠫᠣᠨ ᠦ ᠤᠩᠰᠢᠭᠴᠢᠳ ᠳ᠋ᠦ ᠶᠠᠮᠠᠷ ᠰᠡᠳᠬᠢᠭᠳᠡᠯ ᠲᠦᠷᠦᠬᠦ ᠳᠠᠮᠵᠢᠭᠤᠯᠬᠤ ᠨᠢ ᠭᠣᠣᠯ ᠵᠣᠷᠢᠯᠭ᠎ᠠ ᠭᠡᠵᠦ ᠪᠣᠳᠤᠵᠤ ᠪᠠᠢᠭᠰᠠᠨ ᠬᠡᠷᠡᠭ᠃ ᠮᠢᠨᠦ ᠲᠡᠷᠡ ᠰᠠᠨᠠᠭ᠎ᠠ ᠪᠤᠷᠤᠭᠤ ᠪᠠᠢᠵᠡᠢ᠃

ᠰᠢᠨᠲᠠᠷᠴᠤ ᠪᠠᠢᠭᠰᠠᠨ ᠨᠠᠳᠠ ᠳ᠋ᠦ ᠥᠪᠡᠷ ᠢ ᠪᠡᠨ ᠬᠦᠨᠳᠦᠳᠬᠡᠬᠦ᠂ ᠥᠪᠡᠷ ᠲᠦ ᠪᠡᠨ ᠢᠲᠡᠭᠡᠬᠦ ᠢᠲᠡᠭᠡᠯ ᠮᠠᠨᠢ ᠬᠡᠳᠦᠨ ᠵᠢᠯ ᠵᠢᠨ ᠳᠠᠷᠠᠭ᠎ᠠ ᠯᠠ ᠡᠮᠦᠨ᠎ᠡ ᠨᠢ ᠲᠡᠭᠦᠰᠦᠭᠰᠡᠨ ᠠᠦ᠋ᠰᠲ᠋ᠷᠠᠯᠢᠶ᠎ᠠ ᠵᠢᠨ ᠶᠡᠬᠡ ᠰᠤᠷᠭᠠᠭᠤᠯᠢ ᠳ᠋ᠦ ᠪᠡᠨ ᠡᠷᠭᠢᠨ ᠣᠴᠢᠬᠤ ᠦᠶ᠎ᠡ ᠳ᠋ᠦ ᠠᠩᠬᠠᠨ ᠤ ᠶᠠᠫᠣᠨ ᠬᠡᠯᠡᠨ ᠦ ᠪᠠᠭᠰᠢ ᠲᠠᠢ ᠪᠠᠨ ᠠᠭᠤᠯᠵᠠᠭᠰᠠᠨ ᠲᠡᠷᠡ ᠦᠶ᠎ᠡ ᠳ᠋ᠦ ᠪᠦᠷᠢᠮᠥᠰᠦ ᠤᠯᠠ ᠮᠥᠷ ᠦᠭᠡᠢ ᠠᠯᠠᠭ᠎ᠠ ᠪᠣᠯᠤᠭᠰᠠᠨ ᠶᠤᠮ᠃

ᠲᠡᠷᠡ ᠪᠠᠭᠰᠢ ᠬᠡᠯᠡᠬᠦ ᠳ᠋ᠦ ᠪᠡᠨ 《ᠪᠢᠳᠡ ᠨᠠᠷ ᠣᠷᠴᠢᠭᠤᠯᠭ᠎ᠠ ᠵᠢᠨ ᠬᠢᠴᠢᠶᠡᠯ ᠳᠡᠭᠡᠷ᠎ᠡ ᠴᠢᠨᠦ ᠡᠯᠴᠢᠨ ᠰᠠᠢᠳ ᠤᠨ ᠶᠠᠮᠤᠨ ᠳ᠋ᠦ ᠪᠠᠢᠬᠤ ᠳ᠋ᠦ ᠪᠠᠨ ᠣᠷᠴᠢᠭᠤᠯᠤᠭᠰᠠᠨ ᠣᠷᠴᠢᠭᠤᠯᠭ᠎ᠠ ᠵᠢ ᠳᠠᠨᠳᠠ ᠬᠡᠷᠡᠭᠯᠡᠳᠡᠭ ᠪᠠᠢᠭᠰᠠᠨ》 ᠭᠡᠭᠰᠡᠨ ᠪᠢᠯᠡ᠃

《ᠲᠡᠢᠮᠦ  ᠣ᠋ᠣ?》

《ᠬᠠᠷᠢᠨ ᠲᠡᠢᠮᠦ᠃ ᠴᠢᠨᠦ ᠣᠷᠴᠢᠭᠤᠯᠭ᠎ᠠ ᠡᠬᠡ ᠲᠡᠢ ᠪᠡᠨ ᠣᠢᠷᠠᠯᠴᠠᠭ᠎ᠠ ᠪᠠᠢᠭᠰᠠᠨ ᠤᠴᠢᠷ ᠡᠴᠡ ᠶᠠᠫᠣᠨ ᠬᠡᠯᠡ ᠤᠷᠤᠭᠤ ᠪᠤᠴᠠᠵᠤ ᠣᠷᠴᠢᠭᠤᠯᠬᠤ ᠳ᠋ᠦ ᠨᠡᠯᠢᠡᠳ ᠠᠮᠠᠷᠬᠠᠨ ᠪᠠᠢᠳᠠᠭ ᠪᠠᠢᠭᠰᠠᠨ ᠰᠢᠦ》 ᠭᠡᠵᠦ ᠪᠢᠯᠡ᠃

ᠠᠦ᠋ᠰᠲ᠋ᠷᠠᠯᠢᠶ᠎ᠠ ᠵᠢᠨ ᠣᠶᠤᠲᠠᠨ ᠠᠩᠭ᠍ᠯᠢ ᠡᠴᠡ ᠶᠠᠫᠣᠨ ᠬᠡᠯᠡ ᠤᠷᠤᠭᠤ ᠰᠢᠭᠤᠳ ᠣᠷᠴᠢᠭᠤᠯᠵᠤ ᠴᠢᠳᠠᠬᠤ ᠠᠩᠭ᠍ᠯᠢ ᠬᠡᠯᠡᠨ ᠦ ᠪᠢᠴᠢᠭ᠌ ᠨᠢ ᠪᠠᠭᠰᠢ ᠵᠢᠨ ᠬᠤᠪᠢ ᠳ᠋ᠦ ᠮᠠᠰᠢ ᠰᠠᠢᠨ ᠮᠠᠲ᠋ᠧᠷᠢᠶᠠᠯ ᠪᠠᠢᠭᠰᠠᠨ ᠴᠤ᠂ ᠣᠷᠴᠢᠭᠤᠯᠤᠭᠴᠢ ᠵᠢᠨ ᠬᠤᠪᠢ ᠳ᠋ᠦ ᠮᠢᠬᠠᠴᠢᠯᠠᠨ ᠣᠷᠴᠢᠭᠤᠯᠬᠤ ᠬᠡᠮᠡᠬᠦ ᠨᠣᠴᠤᠲᠠᠢ ᠳᠤᠲᠠᠭᠳᠠᠯ ᠡᠴᠡ ᠪᠠᠨ ᠠᠩᠭᠢᠵᠢᠷᠠᠭ᠎ᠠ ᠦᠭᠡᠢ ᠭᠡᠭᠰᠡᠨ ᠦᠭᠡ ᠪᠠᠢᠭᠰᠠᠨ᠃

ᠥᠭᠡᠷ᠎ᠡ ᠠᠵᠢᠯ ᠬᠢᠭᠰᠡᠨ ᠮᠢᠨᠢ

ᠪᠢ ᠡᠯᠴᠢᠨ ᠰᠠᠢᠳ ᠤᠨ ᠶᠠᠮᠤᠨ ᠦ ᠠᠵᠢᠯ ᠡᠴᠡ ᠪᠠᠨ ᠭᠠᠳᠠᠨ᠎ᠠ ᠵᠠᠷᠢᠮ ᠥᠭᠡᠷ᠎ᠡ ᠠᠵᠢᠯ ᠦᠨ ᠲᠤᠷᠰᠢᠯᠭᠠᠲᠠᠢ ᠪᠣᠯᠤᠭᠰᠠᠨ᠃ ᠲᠣᠺᠢᠣ᠋ ᠵᠢᠨ ᠲᠤᠰᠬᠠᠢ ᠠᠰᠢᠭ ᠬᠡᠷᠡᠭ ᠡᠬᠢᠯᠡᠬ ᠭᠠᠵᠠᠷ ᠲᠦ ᠲᠦᠷ ᠠᠵᠢᠯ ᠬᠢᠵᠦ ᠦᠵᠡᠬᠦ ᠳ᠋ᠦ ᠪᠡᠨ ᠥᠪᠡᠷ ᠵᠢᠡᠨ ᠲᠤᠰᠬᠠᠢ ᠠᠰᠢᠭ ᠣᠷᠴᠢᠭᠤᠯᠤᠭᠠ᠍ᠠ ᠦᠭᠡᠢ ᠪᠣᠯᠪᠠᠴᠤ᠂ ᠬᠦᠮᠦᠨ ᠦ ᠣᠷᠴᠢᠭᠤᠯᠭ᠎ᠠ ᠵᠢ ᠵᠠᠰᠠᠬᠤ ᠳ᠋ᠦ ᠪᠠᠨ ᠲᠤᠰᠬᠠᠢ ᠠᠰᠢᠭ ᠦᠨ ᠣᠷᠴᠢᠭᠤᠯᠭ᠎ᠠ ᠵᠢᠨ ᠨᠠᠷᠢᠨ ᠰᠢᠨᠵᠢ᠂ ᠴᠢᠩᠭ᠎ᠠ ᠱᠠᠭᠠᠷᠳᠠᠯᠭ᠎ᠠ ᠵᠢ ᠤᠬᠠᠭᠠᠷᠠᠭᠰᠠᠨ ᠶᠤᠮ᠃ ᠲᠤᠰᠬᠠᠢ ᠠᠰᠢᠭ ᠦᠨ ᠥᠭᠦᠯᠪᠦᠷᠢ ᠨᠢ ᠥᠪᠡᠷᠰᠡᠳ ᠦᠨ ᠵᠣᠬᠢᠶᠠᠨ ᠪᠦᠲᠦᠭᠡᠭᠰᠡᠨ ᠵᠦᠢᠯ ᠦᠨ ᠣᠨᠴᠠᠯᠢᠭ ᠢ ᠨᠠᠷᠢᠨ ᠲᠠᠢᠯᠪᠤᠷᠢᠯᠠᠬᠤ ᠡᠴᠡ ᠭᠠᠳᠠᠨ᠎ᠠ ᠬᠠᠤᠯᠢ ᠵᠢᠨ ᠪᠠᠷᠢᠮᠲᠠ ᠪᠢᠴᠢᠭ ᠪᠣᠯᠬᠤ ᠪᠠᠷ ᠡᠬᠡ ᠡᠴᠡ ᠪᠡᠨ ᠶᠠᠯᠢ ᠦᠭᠡᠢ ᠯᠠ ᠵᠥᠷᠢᠪᠠᠯ ᠥᠨᠳᠦᠷ ᠬᠣᠬᠢᠷᠠᠯ ᠭᠠᠷᠬᠤ ᠪᠣᠯᠤᠮᠵᠢᠲᠠᠢ ᠪᠠᠢᠭᠰᠠᠨ᠃

ᠮᠥᠨ ᠨᠢᠭᠡ ᠬᠡᠰᠡᠭ ᠬᠤᠭᠤᠴᠠᠭᠠᠨ ᠳ᠋ᠦ ᠪᠢ ᠲ᠋ᠧᠯᠧᠸᠢᠰ ᠦᠨ ᠬᠦᠷᠢᠶ᠎ᠡ ᠮᠡᠳᠡᠭᠡᠯᠡᠯ ᠢ ᠶᠠᠫᠣᠨ ᠡᠴᠡ ᠠᠩᠭ᠍ᠯᠢ ᠤᠷᠤᠭᠤ ᠣᠷᠴᠢᠭᠤᠯᠵᠤ ᠤᠩᠰᠢᠬᠤ ᠠᠵᠢᠯ ᠴᠤ ᠬᠢᠵᠦ ᠦᠵᠡᠭᠰᠡᠨ᠃ ᠮᠡᠳᠡᠭᠡᠯᠡᠯ ᠨᠢ ᠤᠩᠰᠢᠬᠤ ᠳ᠋ᠦ ᠠᠮᠠᠷᠬᠠᠨ᠂ ᠰᠣᠨᠤᠰᠬᠤ ᠳ᠋ᠦ ᠠᠶᠠᠲᠠᠢᠬᠠᠨ ᠪᠠᠢᠬᠤ ᠱᠠᠭᠠᠷᠳᠠᠯᠭᠠᠲᠠᠢ᠃ ᠬᠠᠮᠲᠤ ᠠᠵᠢᠯᠯᠠᠳᠠᠭ ᠨᠢᠭᠡᠨ ᠶᠠᠫᠣᠨ ᠬᠦᠮᠦᠨ ᠦ ᠶᠠᠫᠣᠨ ᠬᠡᠯᠡ ᠵᠢ ᠲᠥᠪᠡᠭ ᠦᠭᠡᠢ᠂ ᠠᠶᠠᠲᠠᠢᠬᠠᠨ ᠠᠩᠭ᠍ᠯᠢ ᠬᠡᠯᠡ ᠤᠷᠤᠭᠤ ᠬᠢᠯᠪᠠᠷᠬᠠᠨ ᠣᠷᠴᠢᠭᠤᠯᠳᠠᠭ ᠴᠢᠳᠠᠪᠤᠷᠢ ᠵᠢ ᠨᠢ ᠪᠢ ᠮᠠᠰᠢᠳᠠ ᠪᠢᠰᠢᠷᠡᠭᠰᠡᠨ᠃ ᠬᠠᠷᠢᠨ ᠪᠢ ᠱᠠᠯ ᠣᠨᠳᠤᠤ᠃ ᠪᠢ ᠬᠡᠴᠢᠨᠡᠨ ᠬᠢᠴᠢᠶᠡᠭᠰᠡᠨ ᠴᠤ ᠵᠤᠷᠰᠢᠯ ᠡᠴᠡ ᠪᠠᠨ ᠪᠦᠷᠢᠨ ᠠᠩᠭᠢᠵᠢᠷᠠᠴᠤ ᠴᠢᠳᠠᠬᠤ ᠦᠭᠡᠢ ᠬᠡᠪ ᠵᠢᠡᠷ ᠵᠢᠡᠨ ᠯᠠ ᠪᠠᠢᠭᠰᠠᠨ ᠶᠤᠮ᠃

《ᠵᠢᠩᠬᠢᠨᠢ ᠠᠵᠢᠯ》ᠵᠢᠠᠨ ᠣᠯᠤᠭᠰᠠᠨ ᠮᠢᠨᠢ

ᠪᠢ ᠪᠤᠰᠤᠳ ᠦᠨ ᠨᠢᠳᠦᠨ ᠡᠴᠡ ᠳᠠᠯᠳᠠ ᠲᠡᠢᠮᠦ ᠴᠤ ᠶᠡᠬᠡ ᠦᠨᠡᠯᠡᠭᠳᠡᠬᠦ ᠦᠭᠡᠢ ᠣᠷᠴᠢᠭᠤᠯᠭ᠎ᠠ ᠵᠢᠨ ᠠᠵᠢᠯ ᠬᠢᠵᠦ ᠪᠠᠢᠬᠤ ᠳ᠋ᠦ ᠪᠠᠨ᠂ ᠨᠡᠢᠭᠡᠮ ᠳᠡᠭᠡᠷ᠎ᠡ ᠢᠳᠡᠪᠬᠢ ᠵᠢᠳᠬᠦᠯ ᠭᠠᠷᠭᠠᠵᠤ ᠤᠯᠤᠰ ᠪᠣᠯᠣᠨ ᠪᠠᠢᠭᠤᠯᠭ᠎ᠠ ᠳ᠋ᠦ ᠪᠠᠨ ᠶᠡᠬᠡ ᠬᠤᠪᠢ ᠨᠡᠮᠡᠷᠢ ᠪᠡᠨ ᠣᠷᠤᠭᠤᠯᠵᠤ ᠪᠠᠢᠭ᠎ᠠ ᠬᠦᠮᠦᠰ ᠢ ᠬᠠᠷᠠᠭᠠᠳ ᠦᠷᠭᠦᠯᠵᠢ ᠠᠲᠠᠭᠠᠷᠬᠠᠳᠠᠭ ᠪᠠᠢᠯ᠎ᠠ᠃ ᠲᠡᠭᠡᠭᠡᠳ᠂ ᠬᠡᠳᠦᠨ ᠵᠢᠯ ᠦᠨ ᠳᠠᠷᠠᠭ᠎ᠠ ᠪᠢ ᠵᠢᠷᠦᠬᠡ ᠪᠡᠨ ᠴᠢᠩᠭᠠᠯᠠᠵᠤ 《ᠵᠢᠩᠬᠢᠨᠢ ᠠᠵᠢᠯ》 ᠣᠯᠵᠤ ᠡᠯᠴᠢᠨ ᠰᠠᠢᠳ ᠤᠨ ᠶᠠᠮᠤᠨ ᠵᠢᠠᠨ ᠣᠷᠬᠢᠭᠰᠠᠨ ᠶᠤᠮ᠃ ᠣᠯᠤᠭᠰᠠᠨ ᠠᠵᠢᠯ ᠦᠨ ᠪᠠᠢᠷᠢ ᠮᠠᠨᠢ ᠪᠣᠯ ᠲᠣᠺᠢᠣ᠌ ᠳᠠᠬᠢ ᠵᠠᠬ᠎ᠠ ᠵᠡᠭᠡᠯᠢ ᠵᠢᠨ ᠲᠤᠬᠠᠢ ᠪᠠᠢᠴᠠᠭᠠᠨ ᠰᠤᠳᠤᠯᠠᠯᠲᠠ ᠬᠢᠳᠡᠭ ᠺᠣᠮᠫᠠᠨᠢ ᠵᠢᠨ ᠰᠤᠳᠤᠯᠭᠠᠨ ᠤ ᠠᠵᠢᠯ ᠬᠠᠷᠢᠭᠤᠴᠠᠭᠰᠠᠨ ᠮᠧᠨᠧᠵᠧᠷ᠃ ᠬᠡᠯᠡᠨ ᠦ ᠲᠣᠳᠤᠷᠬᠠᠢ ᠬᠡᠪ ᠮᠠᠶᠢᠭ ᠢ ᠳᠠᠭᠠᠵᠤ ᠪᠢᠴᠢᠭᠰᠡᠨ ᠰᠤᠳᠤᠯᠭᠠᠨ ᠤ ᠲᠠᠢᠯᠤᠨ ᠡᠴᠡ ᠭᠠᠳᠠᠨ᠎ᠠ ᠪᠢ ᠦᠢᠯᠡᠴᠢᠯᠡᠭᠦᠯᠦᠭᠴᠢ ᠵᠢᠨ ᠵᠢᠡᠨ ᠲᠥᠯᠦᠭᠡ ᠶᠠᠫᠣᠨ ᠦ ᠤᠯᠤᠰ ᠲᠥᠷᠢ᠂ ᠡᠳ᠋ ᠦᠨ ᠵᠠᠰᠠᠭ᠂ ᠨᠡᠢᠭᠡᠮ ᠦᠨ ᠲᠠᠯᠠᠭᠠᠷ ᠢᠯᠡᠳᠬᠡᠯ ᠪᠢᠴᠢᠭᠳᠡᠭ ᠪᠠᠢᠪᠠ᠃ ᠪᠢ ᠡᠨᠡ ᠠᠵᠢᠯ ᠦᠨ ᠵᠢᠠᠨ ᠲᠥᠯᠦᠭᠡ ᠨᠡᠢᠲᠡᠯᠡᠯ ᠣᠷᠴᠢᠭᠤᠯᠵᠤ ᠪᠠᠢᠭᠰᠠᠨ ᠪᠣᠯᠪᠠᠴᠤ᠂ ᠡᠬᠡ ᠵᠢ ᠨᠢ ᠨᠠᠷᠢᠨ ᠣᠷᠴᠢᠭᠤᠯᠬᠤ ᠱᠠᠭᠠᠷᠳᠠᠯᠭ᠎ᠠ ᠡᠴᠡ ᠴᠢᠯᠦᠭᠡᠯᠡᠭᠳᠡᠵᠦ᠂ ᠦᠢᠯᠡᠴᠢᠯᠡᠭᠦᠯᠦᠭᠴᠢ ᠵᠢ ᠰᠣᠨᠢᠷᠬᠠᠨ᠎ᠠ ᠭᠡᠵᠦ ᠪᠣᠳᠤᠭᠰᠠᠨ ᠶᠠᠩᠵᠤ ᠪᠦᠷᠢ ᠵᠢᠨ ᠮᠡᠳᠡᠭᠡᠯᠡᠯ ᠢ ᠲᠣᠳᠤᠷᠠᠭᠤᠯᠬᠤ ᠳ᠋ᠦ ᠵᠣᠷᠢᠵᠤ ᠠᠵᠢᠯᠯᠠᠳᠠᠭ ᠪᠠᠢᠭᠰᠠᠨ ᠶᠤᠮ᠃ ᠣᠳᠣ ᠪᠣᠳᠣᠬᠤ ᠳ᠋ᠦ ᠡᠨᠡ ᠨᠢ ᠣᠷᠴᠢᠭᠤᠯᠭ᠎ᠠ ᠵᠢᠨ ᠤᠷ ᠴᠢᠳᠠᠪᠤᠷᠢ ᠵᠢ ᠮᠢᠨᠢ ᠰᠠᠢᠵᠢᠷᠠᠭᠤᠯᠠᠭᠰᠠᠨ ᠪᠣᠯᠪᠠ  ᠤᠤ ᠭᠡᠵᠦ ᠪᠣᠳᠤᠵᠤ ᠪᠠᠢᠨ᠎ᠠ᠃ ᠭᠡᠬᠢ ᠳᠡᠭᠡᠨ ᠣᠳᠣ ᠴᠤ ᠭᠡᠭᠰᠡᠨ ᠰᠠᠢᠨ ᠮᠡᠳᠡᠬᠦ ᠦᠭᠡᠢ ᠯᠠ ᠪᠠᠢᠨ᠎ᠠ᠃

ᠳᠤᠮᠳᠠᠳᠤ ᠤᠯᠤᠰ ᠤᠷᠤᠭᠤ ᠶᠠᠪᠤᠭᠰᠠᠨ ᠨᠢ

ᠶᠠᠫᠣᠨ ᠡᠴᠡ ᠳᠤᠮᠳᠠᠳᠤ ᠤᠯᠤᠰ ᠤᠷᠤᠭᠤ

ᠳᠥᠷᠪᠡᠨ ᠵᠢᠯ ᠦᠨ ᠳᠠᠷᠠᠭ᠎ᠠ ᠪᠢ ᠶᠠᠫᠣᠨ ᠦ ᠦᠵᠡᠰᠬᠦᠯᠡᠩᠲᠦ ᠡᠷᠭᠢ ᠡᠴᠡ ᠳᠤᠮᠳᠠᠳᠤ ᠤᠯᠤᠰ ᠦᠨ ᠥᠷᠭᠡᠨ ᠠᠭᠤᠳᠠᠮ ᠨᠤᠲᠤᠭ ᠤᠷᠤᠭᠤ ᠶᠠᠪᠤᠬᠤ ᠪᠠᠷ ᠰᠢᠢᠳᠡᠯ᠎ᠡ᠃ ᠨᠢᠭᠡ ᠵᠢᠯ ᠬᠢᠲᠠᠳ ᠬᠡᠯᠡ ᠰᠤᠷᠤᠭᠰᠠᠨ ᠦ ᠳᠠᠷᠠᠭ᠎ᠠ ᠪᠢ ᠨᠢᠭᠡ ᠺᠣᠮᠫᠠᠨᠢ ᠵᠢᠨ ᠳᠠᠷᠤᠭ᠎ᠠ ᠵᠢᠨ ᠲᠤᠰᠠᠯᠠᠭᠴᠤ ᠵᠢᠠᠷ ᠠᠵᠢᠯᠯᠠᠬᠤ ᠠᠵᠢᠯ ᠦᠨ ᠪᠠᠢᠷᠢ ᠣᠯᠣᠪᠠ᠃ ᠳᠤᠮᠳᠠᠳᠤ ᠤᠯᠤᠰ ᠪᠠᠢᠬᠤ ᠳ᠋ᠦ ᠪᠠᠨ ᠨᠡᠢᠲᠡ ᠳᠡᠭᠡᠨ ᠳᠥᠷᠪᠡᠨ ᠺᠣᠮᠫᠠᠨᠢ ᠳ᠋ᠦ ᠠᠵᠢᠯᠯᠠᠵᠡᠢ᠃ ᠪᠡᠭᠡᠵᠢᠩ᠂ ᠬᠠᠢᠨᠠᠨ᠂ ᠣᠣᠮᠧᠨ (ᠮᠠᠺᠠᠣ᠋) ᠱᠠᠩᠬᠠᠢ᠂ ᠶᠠᠫᠣᠨ᠂ ᠮᠣᠩᠭᠣᠯ ᠭᠡᠬᠦ ᠮᠡᠲᠦ ᠬᠡᠳᠦᠨ ᠭᠠᠵᠠᠷ ᠲᠤ ᠠᠵᠢᠯᠯᠠᠳᠠᠭ ᠪᠠᠢᠭᠰᠠᠨ᠃ ᠮᠢᠨᠦ ᠳᠡᠭᠡᠳᠦ ᠲᠤᠰᠢᠶᠠᠯᠲᠠᠨ ᠪᠣᠯ ᠵᠠᠷᠢᠮ ᠨᠢ ᠬᠢᠲᠠᠳ ᠬᠦᠮᠦᠨ᠂ ᠵᠠᠷᠢᠮ ᠨᠢ ᠶᠠᠫᠣᠨ ᠬᠦᠮᠦᠨ᠂ ᠨᠢᠭᠡ ᠨᠢ ᠠᠢᠷᠯᠠᠨᠳ᠋ ᠢᠷᠭᠡᠨᠰᠢᠯ ᠲᠡᠢ ᠫᠠᠺᠢᠰᠲ᠋ᠠᠨ ᠬᠦᠮᠦᠨ ᠪᠠᠢᠭᠰᠠᠨ᠃ ᠬᠡᠳᠦᠢ ᠪᠡᠷ ᠳᠤᠮᠳᠠᠳᠤ ᠤᠯᠤᠰ ᠳ᠋ᠦ ᠮᠡᠷᠭᠡᠵᠢᠯ ᠦᠨ ᠣᠷᠴᠢᠭᠤᠯᠭ᠎ᠠ ᠤᠷᠤᠭᠤ ᠬᠡᠵᠢᠶ᠎ᠡ ᠴᠤ ᠡᠷᠭᠢᠵᠦ ᠣᠷᠤᠭ᠎ᠠ ᠦᠭᠡᠢ ᠪᠣᠯᠪᠠᠴᠤ᠂ ᠪᠢ ᠠᠵᠢᠯᠯᠠᠬᠤ ᠳ᠋ᠦ ᠪᠡᠨ ᠶᠡᠬᠡᠪᠴᠢᠯᠡᠨ ᠬᠢᠲᠠᠳ-ᠠᠩᠭ᠍ᠯᠢ᠂ ᠶᠠᠫᠣᠨ-ᠠᠩᠭ᠍ᠯᠢ᠂ ᠠᠩᠭ᠍ᠯᠢ-ᠬᠢᠲᠠᠳ᠂ ᠶᠠᠫᠣᠨ-ᠬᠢᠲᠠᠳ᠂ ᠵᠠᠷᠢᠮ ᠳᠠᠭᠠᠨ ᠬᠢᠲᠠᠳ-ᠶᠠᠫᠣᠨ ᠬᠡᠯᠡ ᠵᠢᠡᠷ ᠣᠷᠴᠢᠭᠤᠯᠬᠤ ᠡᠭᠦᠷᠭᠡᠲᠡᠢ ᠪᠠᠢᠭᠰᠠᠨ ᠶᠤᠮ᠃

ᠠᠵᠢᠯ ᠳᠡᠭᠡᠷ᠎ᠡ ᠪᠡᠨ ᠵᠠᠷᠢᠮ ᠳᠠᠭᠠᠨ ᠭᠡᠷ᠎ᠡ ᠣᠷᠴᠢᠭᠤᠯᠬᠤ ᠱᠠᠭᠠᠷᠳᠠᠯᠭᠠᠲᠠᠢ ᠪᠠᠢᠯ᠎ᠠ᠃ ᠭᠡᠷ᠎ᠡ ᠣᠷᠴᠢᠭᠤᠯᠬᠤ ᠳ᠋ᠦ ᠪᠠᠨ ᠮᠡᠷᠭᠡᠵᠢᠯ ᠦᠨ ᠰᠡᠳᠬᠢᠭᠳᠡᠯ ᠲᠥᠷᠢᠭᠦᠯᠬᠦᠢᠴᠡ ᠬᠠᠤᠯᠢ ᠵᠢᠨ ᠦᠭᠡ ᠬᠡᠯᠡᠯᠭᠡ ᠵᠢᠡᠷ ᠤᠳᠬ᠎ᠠ ᠵᠢ ᠨᠢ ᠵᠥᠪ ᠢᠯᠡᠷᠬᠡᠢᠯᠡᠬᠦ ᠬᠡᠷᠡᠭᠲᠡᠢ ᠪᠠᠢᠳᠠᠭ. ᠠᠵᠠ ᠪᠠᠷ᠂ ᠮᠢᠨᠦ ᠣᠷᠴᠢᠭᠤᠯᠭ᠎ᠠ ᠶᠡᠬᠡᠩᠬᠢ ᠳᠡᠭᠡᠨ ᠳᠣᠲᠤᠭᠠᠳᠤ ᠯᠠᠪᠯᠠᠭ᠎ᠠᠨ ᠳ᠋ᠦ ᠵᠣᠷᠢᠭᠤᠯᠵᠤ ᠪᠠᠢᠭᠰᠠᠨ ᠲᠤᠯᠠ ᠪᠢ ᠬᠠᠤᠯᠢ ᠶᠣᠰᠤᠨ ᠤ ᠪᠠᠷᠢᠮᠲᠠ ᠪᠢᠴᠢᠭ ᠦᠨ ᠬᠠᠮᠤᠭ ᠦᠨ ᠬᠠᠲᠠᠭᠤ ᠴᠢᠩᠭ᠎ᠠ ᠱᠠᠭᠠᠷᠳᠠᠯᠭ᠎ᠠ ᠡᠴᠡ ᠴᠢᠯᠦᠭᠡᠯᠡᠭᠳᠡᠭᠰᠡᠨ ᠭᠡᠬᠦ ᠳ᠋ᠦ ᠪᠣᠯᠤᠨ᠎ᠠ᠃

ᠵᠣᠴᠢᠳ ᠪᠠᠭᠤᠳᠠᠯ ᠦᠨ ᠨᠡᠢᠲᠡ ᠵᠢᠨ ᠬᠠᠷᠢᠴᠠᠭᠠᠨ ᠦ ᠠᠵᠢᠯ ᠳᠡᠭᠡᠷ᠎ᠡ ᠪᠡᠨ ᠪᠢ ᠵᠠᠷ ᠮᠡᠳᠡᠭᠡ ᠵᠢᠨ ᠮᠠᠲ᠋ᠧᠷᠢᠶᠠᠯ᠂ ᠦᠢᠯᠡᠴᠢᠯᠡᠭᠦᠯᠦᠭᠴᠢ ᠳ᠋ᠦ ᠪᠡᠨ ᠵᠣᠷᠢᠭᠤᠯᠤᠭᠰᠠᠨ ᠲᠠᠢᠯᠪᠤᠷᠢ᠂ ᠬᠣᠭᠣᠯᠠᠨ ᠭᠡᠷ ᠦᠨ ᠨᠣᠭᠣᠭ᠎ᠠ ᠵᠢᠨ ᠨᠡᠷᠡᠰ ᠢ ᠬᠦᠷᠲᠡᠯ᠎ᠡ ᠣᠷᠴᠢᠭᠤᠯᠳᠠᠭ ᠪᠠᠢᠭᠰᠠᠨ᠃ ᠡᠨᠡ ᠲᠥᠷᠦᠯ ᠦᠨ ᠣᠷᠴᠢᠭᠤᠯᠭ᠎ᠠ ᠪᠦᠷᠢ ᠳ᠋ᠦ ᠲᠣᠳᠤᠷᠬᠠᠢ ᠵᠣᠷᠢᠯᠭ᠎ᠠ ᠪᠠᠢᠳᠠᠭ ᠪᠠᠢᠭᠰᠠᠨ ᠶᠤᠮ᠃ ᠵᠠᠷ ᠮᠡᠳᠡᠭᠡ ᠵᠢᠨ ᠮᠠᠲ᠋ᠧᠷᠢᠶᠠᠯ ᠵᠣᠴᠢᠳ᠂ ᠦᠢᠯᠡᠴᠢᠯᠡᠭᠦᠯᠦᠭᠴᠢᠳ ᠢ ᠲᠠᠲᠠᠵᠤ ᠵᠣᠴᠢᠳ ᠪᠠᠭᠤᠳᠠᠯ ᠦᠨ ᠦᠢᠯᠡᠴᠢᠯᠡᠭᠡ᠂ ᠲᠥᠬᠦᠭᠡᠷᠦᠮᠵᠢ᠂ ᠴᠣᠭᠴᠠᠯᠠᠪᠤᠷᠢ ᠵᠢ ᠬᠡᠷᠡᠭᠯᠡᠭᠦᠯᠬᠦ ᠵᠣᠷᠢᠯᠭᠠᠲᠠᠢ ᠪᠠᠢᠭᠰᠠᠨ ᠶᠤᠮ᠃ ᠨᠣᠭᠣᠭ᠎ᠠ ᠵᠢᠨ ᠨᠡᠷᠡᠰ ᠤᠩᠰᠢᠭᠤᠯᠵᠤ ᠵᠣᠴᠢᠳ ᠪᠠᠭᠤᠳᠠᠯ ᠦᠨ ᠬᠣᠭᠣᠯᠠᠨ ᠭᠡᠷ ᠲᠤ ᠬᠣᠭᠣᠯ᠎ᠠ ᠢᠳᠡᠬᠦ ᠳᠤᠷ᠎ᠠ ᠬᠦᠰᠡᠯ ᠢ ᠨᠢ ᠲᠠᠲᠠᠬᠤ ᠬᠡᠷᠡᠭᠲᠡᠢ ᠪᠠᠢᠯ᠎ᠠ᠃ ᠥᠷᠦᠭᠡ ᠵᠢᠨ ᠪᠠᠲᠤᠯᠠᠭᠠᠳᠤ ᠬᠠᠢᠷᠴᠠᠭ ᠭᠡᠬᠦ ᠮᠡᠲᠦ ᠵᠢᠨ ᠪᠡᠯᠡᠳᠭᠡᠮᠵᠢ ᠵᠢ ᠶᠠᠭᠠᠬᠢᠵᠤ ᠬᠡᠷᠡᠭᠯᠡᠬᠦ ᠪᠤᠢ ᠭᠡᠳᠡᠭ ᠲᠠᠢᠯᠪᠤᠷᠢ ᠵᠢ ᠣᠢᠯᠠᠭᠠᠬᠤ ᠳ᠋ᠦ ᠠᠮᠠᠷᠬᠠᠨ ᠢᠶᠠᠷ ᠢᠯᠡᠷᠬᠡᠢᠯᠡᠬᠦ ᠬᠡᠷᠡᠭᠲᠡᠢ᠃ ᠡᠨᠡ ᠵᠣᠷᠢᠯᠭ᠎ᠠ ᠳ᠋ᠶ ᠦᠭᠡᠴᠢᠯᠡᠨ ᠣᠷᠴᠢᠭᠤᠯᠬᠤ ᠨᠢ ᠲᠣᠬᠢᠷᠠᠮᠵᠢᠲᠠᠢ ᠪᠢᠰᠢ᠃

ᠡᠭᠦᠨ ᠡᠴᠡ ᠭᠠᠳᠠᠨ᠎ᠠ ᠥᠭᠡᠷ᠎ᠡ ᠭᠠᠵᠠᠷ ᠲᠤ᠂ ᠠᠯᠪᠠᠨ ᠲᠤᠰᠢᠶᠠᠯ ᠵᠢᠠᠨ ᠣᠷᠬᠢᠭᠰᠠᠨ ᠭᠠᠳᠠᠭᠠᠳᠤ ᠤᠯᠤᠰ ᠲᠥᠷᠦᠴᠢᠳ ᠳ᠋ᠦ ᠶᠠᠫᠣᠨ-ᠠᠩᠭ᠍ᠯᠢ ᠬᠡᠯᠡᠨ ᠦ ᠣᠷᠴᠢᠭᠤᠯᠭ᠎ᠠ ᠢ ᠵᠠᠷᠢᠮ ᠳᠠᠭᠠᠨ ᠨᠠᠳᠠ ᠵᠢᠠᠷ ᠬᠢᠯᠭᠡᠳᠡᠭ ᠪᠠᠢᠭᠰᠠᠨ᠃ ᠨᠢᠭᠡ ᠤᠳᠠᠭ᠎ᠠ ᠭᠠᠳᠠᠭᠠᠳᠤ ᠵᠢᠨ ᠨᠢᠭᠡ ᠤᠯᠤᠰ ᠲᠥᠷᠦᠴᠢ entrenched attitudes ᠭᠡᠳᠡᠭ ᠦᠭᠡ ᠬᠡᠯᠡᠯᠭᠡ ᠵᠢ ᠬᠡᠷᠡᠭᠯᠡᠭᠰᠡᠨ ᠶᠤᠮ ᠳ᠋ᠠᠭ᠃ ᠮᠣᠩᠭᠣᠯ ᠬᠡᠯᠡ ᠤᠷᠤᠭᠤ ᠦᠭᠡᠴᠢᠯᠡᠨ ᠣᠷᠴᠢᠭᠤᠯᠪᠠᠯ 'ᠪᠤᠭᠰᠢᠭᠰᠠᠨ ᠬᠠᠨᠳᠤᠯᠭ᠎ᠠ' ᠭᠡᠳᠡᠭ ᠤᠳᠬᠠᠲᠠᠢ᠃ ᠮᠢᠨᠦ ᠣᠢ ᠪᠤᠳᠤᠯᠢᠭ᠎ᠠ ᠦᠭᠡᠢ ᠪᠣᠯ᠂ ᠲᠡᠷᠡ ᠬᠦᠮᠦᠨ ᠤᠯᠤᠰ ᠲᠥᠷᠦ ᠵᠢᠨ ᠨᠥᠬᠦᠴᠡᠯ ᠪᠠᠢᠳᠠᠯ ᠥᠭᠡᠷᠡᠴᠢᠯᠡᠭᠳᠡᠬᠦ ᠳ᠋ᠦ ᠲᠤᠬᠠᠢ ᠵᠢᠨ ᠣᠷᠤᠨ ᠤ ᠪᠠᠭ᠎ᠠ ᠶᠠᠰᠤᠲᠠᠨ ᠬᠢᠭᠡᠳ ᠭᠠᠳᠠᠭᠠᠳᠤ ᠬᠦᠮᠦᠨ ᠢ ᠢᠯᠭᠠᠪᠤᠷᠢᠯᠠᠨ ᠭᠠᠳᠠᠭᠤᠷᠬᠠᠬᠤ ᠦᠵᠡᠯ ᠭᠡᠳᠡᠭ ᠤᠳᠬ᠎ᠠ ᠵᠢᠡᠷ ᠬᠡᠷᠡᠭᠯᠡᠭᠰᠡᠨ ᠪᠢᠯᠡ᠃ ᠠᠩᠭ᠍ᠯᠢ ᠪᠠᠷ ᠡᠨᠡ ᠲᠥᠷᠦᠯ ᠦᠨ ᠬᠠᠨᠳᠤᠯᠭ᠎ᠠ ᠵᠢ prejudice (ᠡᠴᠢᠨᠡ ᠪᠣᠳᠤᠯ᠂ ᠦᠨᠡᠮᠰᠢᠯ᠂ ᠦᠵᠡᠯ ᠵᠢᠡᠷ ᠢᠯᠭᠠᠪᠤᠷᠢᠯᠠᠬᠤ) ᠭᠡᠳᠡᠭ᠃ ᠬᠠᠷᠢᠨ ᠲᠡᠷᠡ ᠤᠯᠤᠰ ᠲᠥᠷᠦᠴᠢ prejudice ᠭᠡᠳᠡᠭ ᠦᠭᠡ ᠡᠴᠡ ᠢᠯᠡᠳᠲᠡ ᠵᠣᠷᠢᠭᠤᠳᠠ ᠪᠠᠷ ᠵᠠᠢᠯᠠᠰᠬᠢᠵᠦ ᠪᠠᠢᠭᠰᠠᠨ᠃ ᠬᠠᠷᠠᠮᠰᠠᠯᠲᠠᠢ ᠨᠢ ᠲᠡᠷᠡ ᠦᠶ᠎ᠡ ᠳ᠋ᠦ ᠪᠢ entrenched attitudes (ᠪᠤᠭᠰᠢᠭᠰᠠᠨ ᠬᠠᠨᠳᠤᠯᠭ᠎ᠠ) ᠬᠡᠮᠡᠬᠦ ᠴᠡᠭᠡᠷᠯᠡᠨ ᠢᠯᠡᠷᠬᠡᠢᠯᠡᠬᠦ ᠦᠭᠡ ᠵᠢ ᠰᠢᠭᠤᠳ ᠰᠠᠨᠠᠵᠤ ᠴᠢᠳᠠᠭ᠎ᠠ ᠦᠭᠡᠢ᠂ ᠶᠠᠭ 先入観 sennyūkan (ᠪᠤᠷᠤᠭᠤ ᠲᠥᠰᠦᠭᠡᠯᠡᠯ᠂ ᠠᠳᠬᠠᠭ ᠰᠠᠨᠠᠭ᠎ᠠ᠂ ᠢᠲᠡᠭᠡᠨ ᠦᠨᠡᠮᠰᠢᠯ) ᠭᠡᠵᠦ ᠣᠷᠴᠢᠭᠤᠯᠤᠭᠰᠠᠨ ᠪᠢᠯᠡ᠃ ᠲᠡᠷᠡ ᠬᠦᠮᠦᠨ ᠦ ᠰᠠᠨᠠᠭ᠎ᠠ ᠵᠢ ᠪᠣᠳᠤᠪᠠᠯ᠂ 先入観 sennyūkan ᠭᠡᠳᠡᠭ ᠦᠭᠡ ᠪᠣᠯ ᠲᠣᠬᠢᠷᠠᠮᠵᠢ ᠦᠭᠡᠢ ᠦᠭᠡ ᠪᠠᠢᠭᠰᠠᠨ ᠪᠠᠢᠬᠤ᠃ Google Translate ᠬᠠᠷᠠᠪᠠᠯ entrenched attitudes (ᠪᠤᠭᠰᠢᠭᠰᠠᠨ ᠬᠠᠨᠳᠤᠯᠭ᠎ᠠ) ᠵᠢ ᠶᠠᠫᠣᠨ ᠵᠢᠡᠷ 定着した態度 teichaku shita taido (ᠪᠠᠢᠷᠢᠰᠢᠭᠰᠠᠨ ᠬᠠᠨᠳᠤᠯᠭ᠎ᠠ) ᠭᠡᠵᠦ ᠪᠠᠢᠨ᠎ᠠ᠃ ᠬᠠᠷᠢᠨ ᠡᠨᠡ ᠬᠡᠯᠡᠯᠭᠡ ᠴᠤ ᠲᠡᠷᠡ ᠬᠦᠮᠦᠨ ᠦ ᠰᠠᠨᠠᠭ᠎ᠠ ᠵᠢ ᠪᠦᠷᠢᠨ ᠵᠥᠪ ᠵᠦᠢᠲᠡᠢ ᠢᠯᠡᠷᠬᠡᠢᠯᠡᠭᠰᠡᠨ ᠭᠡᠵᠦ ᠪᠢ ᠣᠳᠣ ᠴᠤ ᠭᠡᠭᠰᠡᠨ ᠪᠣᠳᠤᠬᠤ ᠦᠭᠡᠢ ᠪᠠᠢᠨ᠎ᠠ᠃

ᠶᠠᠫᠣᠨ ᠦ ᠤᠯᠤᠰ ᠲᠥᠷᠦᠴᠢ ᠶᠡᠬᠡᠩᠬᠢ ᠨᠢ ᠦᠯᠪᠡᠭᠡᠷ᠂ ᠠᠮᠲᠠ ᠰᠢᠮᠲᠡ ᠦᠭᠡᠢ᠂ ᠬᠡᠪ ᠲᠦ ᠣᠷᠤᠭᠤᠯᠤᠭᠰᠠᠨ ᠦᠭᠡ ᠪᠡᠷ ᠶᠠᠷᠢᠳᠠᠭ ᠣᠨᠴᠠᠯᠢᠭᠲᠠᠢ᠂ ᠡᠭᠦᠨ ᠲᠡᠢ ᠬᠠᠷᠢᠴᠠᠭᠤᠯᠪᠠᠯ ᠠᠩᠭ᠍ᠯᠢ ᠬᠡᠯᠡᠲᠡᠨ ᠤᠯᠤᠰ ᠲᠥᠷᠦᠴᠢ ᠶᠡᠷᠦᠩᠬᠡᠢ ᠳ᠋ᠦ ᠪᠡᠨ ᠬᠤᠷᠴᠠ᠂ ᠲᠣᠳᠤᠷᠬᠠᠢ ᠶᠠᠷᠢᠬᠤ ᠬᠡᠪᠰᠢᠯ ᠲᠡᠢ᠃ ᠨᠢᠭᠡ ᠤᠳᠠᠭ᠎ᠠ᠂ ᠮᠢᠨᠦ ᠣᠷᠴᠢᠭᠤᠯᠤᠭᠰᠠᠨ ᠦᠭᠡ ᠲᠤᠰᠠ ᠭᠠᠳᠠᠭᠠᠳᠤ ᠤᠯᠤᠰ ᠲᠥᠷᠦᠴᠢ ᠵᠢᠨ ᠬᠡᠯᠡᠭᠰᠡᠨ ᠤᠳᠬ᠎ᠠ ᠵᠢ ᠨᠢ ᠵᠥᠪ ᠳᠠᠮᠵᠢᠭᠤᠯᠵᠤ ᠪᠠᠢᠭ᠎ᠠ ᠡᠰᠡᠬᠦ ᠵᠢ ᠪᠠᠲᠤᠯᠠᠬᠤ ᠵᠢᠠᠷ ᠣᠷᠴᠢᠭᠤᠯᠤᠭᠰᠠᠨ ᠠᠭᠤᠯᠭ᠎ᠠ ᠵᠢ ᠪᠤᠴᠠᠭᠠᠵᠤ ᠠᠩᠭ᠍ᠯᠢ ᠬᠡᠯᠡ ᠤᠷᠤᠭᠤ ᠣᠷᠴᠢᠭᠤᠯᠤᠭᠰᠠᠨ ᠶᠤᠮ᠃ ᠲᠡᠷᠡ ᠬᠦᠮᠦᠨ "ᠪᠢ ᠡᠨᠡ ᠬᠡᠯᠪᠡᠷᠢ ᠪᠡᠷ ᠢᠯᠡᠷᠬᠡᠢᠯᠡᠭᠡ ᠦᠭᠡᠢ ᠰᠢᠦ" ᠭᠡᠭᠰᠡᠨ ᠪᠣᠯᠪᠠᠴᠤ ᠤᠳᠬ᠎ᠠ ᠵᠢ ᠨᠢ ᠣᠢᠷᠠᠯᠴᠠᠭ᠎ᠠ ᠭᠡᠵᠦ ᠬᠦᠯᠢᠶᠡᠨ ᠵᠥᠪᠰᠢᠶᠡᠷᠡᠭᠰᠡᠨ ᠶᠤᠮ᠃ ᠤᠯᠤᠰ ᠲᠥᠷᠴᠢ ᠵᠢᠨ ᠬᠡᠯᠡᠯᠭᠡ ᠵᠢᠨ ᠨᠠᠷᠢᠨ ᠢᠯᠭᠠᠭ᠎ᠠ ᠵᠢ ᠣᠨᠤᠵᠤ ᠢᠯᠡᠷᠬᠡᠢᠯᠡᠬᠦ ᠨᠢ ᠬᠡᠴᠡᠭᠦᠦ ᠪᠣᠯᠬᠤ ᠪᠠᠷ ᠡᠨᠡ ᠪᠣᠯ ᠣᠷᠴᠢᠭᠤᠯᠤᠭᠴᠢ ᠵᠢᠨ ᠴᠢᠳᠠᠪᠤᠷᠢ ᠵᠢ ᠰᠣᠷᠢᠳᠠᠭ ᠠᠵᠢᠯ᠃ ᠲᠡᠢᠮᠦ ᠪᠣᠯᠬᠤ ᠪᠠᠷ ᠪᠢ ᠣᠯᠠᠨ ᠤᠯᠤᠰ ᠦᠨ ᠤᠳᠤᠷᠢᠳᠤᠭᠴᠢᠳ ᠳ᠋ᠦ ᠣᠷᠴᠢᠭᠤᠯᠭ᠎ᠠ ᠬᠢᠬᠦ ᠬᠦᠮᠦᠰ ᠦᠨ ᠣᠷᠤᠨ ᠲᠣᠭᠠᠨ ᠳ᠋ᠦ ᠠᠵᠢᠯᠯᠠᠮᠠᠷ ᠦᠭᠡᠢ ᠪᠠᠢᠳᠠᠭ᠃

ᠥᠭᠡᠷ᠎ᠡ ᠵᠦᠢᠯ ᠦᠨ ᠣᠷᠴᠢᠭᠤᠯᠭ᠎ᠠ

ᠬᠣᠵᠢᠮ ᠨᠢ ᠮᠢᠨᠦ ᠠᠵᠢᠯᠯᠠᠵᠤ ᠪᠠᠢᠭᠰᠠᠨ ᠬᠤᠳᠠᠯᠳᠤᠭᠠᠨ ᠤ ᠺᠣᠮᠫᠠᠨᠢ ᠵᠢᠨ ᠳᠠᠷᠤᠭᠠ ᠳ᠋ᠦ ᠰᠠᠯᠪᠤᠷᠢ ᠵᠢᠨ ᠮᠡᠳᠡᠭᠡ (ᠱᠠᠭᠠᠷᠳᠠᠯᠭᠠᠲᠠᠢ ᠪᠣᠯ ᠤᠯᠤᠰ ᠲᠥᠷᠦ᠂ ᠡᠳ᠋ ᠦᠨ ᠵᠠᠰᠠᠭ ᠤᠨ ᠮᠡᠳᠡᠭᠡ ᠭᠡᠬᠦ ᠮᠡᠲᠦ) ᠴᠤᠭᠯᠠᠭᠤᠯᠵᠤ ᠥᠭᠬᠦ ᠡᠴᠡ ᠭᠠᠳᠠᠨ᠎ᠠ ᠠᠩᠭ᠍ᠯᠢ᠂ ᠶᠠᠫᠣᠨ ᠬᠡᠯᠡᠨ ᠡᠴᠡ ᠬᠢᠲᠠᠳ ᠬᠡᠯᠡ ᠤᠷᠤᠭᠤ ᠣᠷᠴᠢᠭᠤᠯᠬᠤ ᠠᠵᠢᠯ ᠳᠤ ᠲᠣᠮᠢᠯᠠᠭᠳᠠᠭᠰᠠᠨ᠃ ᠡᠨᠡ ᠨᠢ ᠮᠠᠰᠢ ᠶᠡᠬᠡ ᠬᠡᠴᠡᠭᠦᠦ ᠡᠭᠦᠷᠭᠡ ᠪᠠᠢᠯ᠎ᠠ᠃ ᠪᠢ ᠡᠴᠦᠰ ᠲᠦ ᠨᠢ Google Translate ᠮᠠᠰᠢ ᠶᠡᠬᠡ ᠪᠡᠷ ᠠᠰᠢᠭᠯᠠᠵᠤ᠂ ᠲᠡᠭᠦᠨ ᠦ ᠮᠠᠭᠤ ᠣᠷᠴᠢᠭᠤᠯᠭ᠎ᠠ ᠵᠢ ᠨᠢ ᠵᠠᠰᠠᠬᠤ ᠳ᠋ᠦ ᠪᠠᠨ ᠶᠡᠬᠡ ᠴᠠᠭ ᠵᠠᠷᠤᠴᠠᠭᠤᠯᠳᠠᠭ ᠪᠠᠢᠭᠰᠠᠨ ᠶᠤᠮ᠃ ᠪᠢ ᠥᠪᠡᠷ ᠦᠨ ᠵᠢᠡᠨ ᠣᠷᠴᠢᠭᠤᠯᠭ᠎ᠠ ᠪᠠᠷ ᠣᠭᠲᠤ ᠪᠠᠬᠠᠷᠬᠠᠬᠤ ᠦᠭᠡᠢ᠃ ᠮᠠᠨ ᠤ ᠺᠣᠮᠫᠠᠨᠢ ᠳ᠋ᠦ ᠵᠤᠨ ᠤ ᠠᠮᠠᠷᠠᠯᠲᠠ ᠵᠢᠡᠷ ᠨᠢ ᠬᠥᠯᠦᠰᠦᠯᠡᠭᠰᠡᠨ ᠶᠡᠬᠡ ᠰᠤᠷᠭᠠᠭᠤᠯᠢ ᠵᠢᠨ ᠣᠶᠤᠲᠠᠨ ᠨᠤᠭᠤᠳ ᠦᠨ ᠬᠢᠭᠰᠡᠨ ᠭᠢᠯᠠᠯᠵᠠᠭᠰᠠᠨ ᠣᠷᠴᠢᠭᠤᠯᠭ᠎ᠠ ᠲᠠᠢ ᠬᠠᠷᠢᠴᠠᠭᠤᠯᠪᠠᠯ ᠮᠢᠨᠦ ᠣᠷᠴᠢᠭᠤᠯᠭ᠎ᠠ ᠮᠠᠰᠢ ᠮᠠᠭᠤ ᠪᠠᠢᠭᠰᠠᠨ ᠰᠠᠨᠠᠭᠳᠠᠨ᠎ᠠ᠃

ᠬᠠᠷᠢᠨ ᠪᠢ ᠲᠤᠷᠰᠢᠯᠭ᠎ᠠ ᠪᠠᠭᠠᠲᠠᠢ ᠵᠠᠯᠠᠭᠤ ᠬᠢᠲᠠᠳ ᠣᠶᠤᠲᠠᠨ ᠨᠤᠭᠤᠳ ᠡᠴᠡ ᠬᠡᠳᠦ ᠬᠡᠳᠦᠨ ᠳᠠᠪᠠᠭᠤ ᠲᠠᠯ᠎ᠠ ᠲᠠᠢ ᠪᠠᠢᠭᠰᠠᠨ᠃ ᠡᠭᠦᠨ ᠳᠦ᠄

1. ᠪᠢ ᠬᠠᠮᠤᠭ ᠦᠨ ᠴᠢᠳᠠᠪᠤᠷᠢᠯᠢᠭ ᠣᠶᠤᠲᠠᠨ ᠨᠤᠭᠤᠳ ᠡᠴᠡ ᠴᠤ ᠢᠯᠡᠭᠦᠦ ᠠᠩᠭ᠍ᠯᠢ ᠬᠡᠯᠡ ᠪᠡᠷ ᠲᠡᠭᠦᠰ ᠣᠢᠯᠠᠭᠠᠳᠠᠭ ᠪᠠᠢᠭᠰᠠᠨ᠃ ᠨᠢᠭᠡᠨ ᠣᠶᠤᠲᠠᠨ wet weather (ᠪᠣᠷᠤᠭᠠᠲᠠᠢ ᠴᠠᠭ ᠠᠭᠠᠷ) ᠢ 'ᠴᠢᠭᠢᠭᠲᠡᠢ ᠴᠠᠭ ᠠᠭᠠᠷ' ᠭᠡᠵᠦ ᠣᠷᠴᠢᠭᠤᠯᠤᠭᠰᠠᠨ ᠢ ᠰᠠᠨᠠᠵᠤ ᠪᠠᠢᠨ᠎ᠠ᠃ ᠡᠨᠡ ᠨᠡᠯᠢᠡᠳ ᠡᠩ ᠦᠨ ᠵᠢᠱᠢᠶ᠎ᠡ ᠪᠣᠯᠪᠠᠴᠤ ᠪᠢ ᠵᠠᠷᠢᠮ ᠲᠣᠮᠤᠬᠠᠨ ᠮᠡᠳᠡᠭᠡᠯᠡᠯ ᠦᠨ ᠬᠣᠷᠢᠶ᠎ᠠ ᠡᠴᠡ ᠭᠠᠷᠤᠭᠰᠠᠨ ᠣᠷᠴᠢᠭᠤᠯᠭ᠎ᠠ ᠳ᠋ᠦ ᠴᠤ ᠠᠯᠳᠠᠭ᠎ᠠ ᠭᠠᠷᠳᠠᠭ ᠭᠡᠳᠡᠭ ᠢ ᠣᠯᠵᠤ ᠮᠡᠳᠡᠭᠰᠡᠨ᠃

2. ᠴᠠᠭ ᠬᠤᠭᠤᠴᠠᠭ᠎ᠠ ᠥᠩᠭᠡᠷᠡᠬᠦ ᠳ᠋ᠦ ᠪᠢ ᠮᠡᠳᠡᠭᠡᠨ ᠳᠣᠲᠤᠷᠠᠬᠢ ᠮᠡᠳᠡᠭᠡᠯᠡᠯ ᠦᠨ ᠶᠡᠬᠡᠩᠬᠢ ᠨᠢ ᠰᠠᠭᠤᠷᠢ ᠮᠡᠳᠡᠭᠡᠯᠡᠯ ᠡᠰᠡᠪᠡᠯ ᠨᠥᠬᠦᠭᠡᠰᠦ ᠪᠠᠢᠳᠠᠭ ᠭᠡᠳᠡᠭ ᠢ ᠮᠡᠳᠡᠭᠰᠡᠨ᠃ ᠵᠢᠱᠢᠶ᠎ᠡ ᠨᠢ᠂ ᠬᠢᠲᠠᠳ ᠬᠡᠯᠡ ᠤᠷᠤᠭᠤ ᠣᠷᠴᠢᠭᠤᠯᠬᠤ ᠳ᠋ᠦ ᠪᠠᠨ ᠪᠢ 'ᠠᠦ᠋ᠰᠲ᠋ᠷᠠᠯᠢᠶᠠᠨ ᠦ ᠵᠡᠭᠦᠨ ᠬᠣᠢᠳᠤ ᠨᠤᠲᠤᠭ ᠲᠤ ᠣᠷᠤᠰᠢᠳᠠᠭ ᠺᠦᠢᠨᠰᠯᠠᠨᠳ᠋  ᠮᠤᠵᠢ' ᠭᠡᠬᠦ ᠮᠡᠲᠦ ᠣᠯᠠᠨ ᠨᠡᠢᠲᠡ ᠳ᠋ᠦ ᠵᠣᠷᠢᠭᠤᠯᠤᠨ ᠬᠦᠮᠦᠰ ᠦᠨ ᠲᠥᠯᠦᠭᠡ ᠲᠠᠢᠯᠪᠤᠷᠢᠯᠠᠭᠰᠠᠨ ᠮᠡᠳᠡᠭᠡᠯᠡᠯ ᠢ ᠠᠭᠤᠯᠠ ᠠᠭᠤᠷᠬᠠᠢᠨ ᠰᠠᠯᠪᠤᠷᠢ ᠵᠢᠨ ᠬᠢᠨ ᠨᠡᠢᠲᠡ ᠪᠡᠷ ᠢᠶᠡᠨ ᠮᠡᠳᠡᠳᠡᠭ ᠵᠦᠢᠯ ᠤᠴᠢᠷ ᠡᠴᠡ᠂ ᠡᠨᠡ ᠮᠡᠲᠦ ᠮᠡᠳᠡᠯᠭᠡ ᠵᠢᠨ ᠵᠦᠢᠯ ᠢ ᠣᠷᠬᠢᠳᠠᠭ ᠪᠠᠢᠭᠰᠠᠨ ᠶᠤᠮ᠃ ᠡᠢᠮᠦᠷᠬᠡᠦ ᠪᠠᠢᠳᠠᠯ ᠵᠢᠠᠷ ᠮᠢᠨᠦ ᠣᠷᠴᠢᠭᠤᠯᠭ᠎ᠠ ᠵᠢᠨ ᠨᠠᠢᠷᠠᠭᠤᠯᠭ᠎ᠠ ᠲᠠᠭᠠᠷᠠᠤᠬᠠᠨ ᠪᠠᠢᠭᠰᠠᠨ ᠴᠤ ᠦᠨᠡᠨ ᠵᠥᠪ᠂ ᠴᠡᠭᠴᠡᠲᠡᠢ ᠪᠣᠯᠳᠠᠭ ᠪᠠᠢᠪᠠ᠃

ᠭᠠᠳᠠᠭᠠᠳᠤ ᠬᠡᠯᠡ ᠤᠷᠤᠭᠤ ᠣᠷᠴᠢᠭᠤᠯᠭ᠎ᠠ ᠬᠢᠬᠦ ᠳᠡᠭᠡᠨ᠂ ᠡᠮᠦᠨ᠎ᠡ ᠬᠤᠷᠠᠮᠲᠤᠯᠠᠭᠤᠯᠤᠭᠰᠠᠨ ᠮᠡᠳᠡᠯᠭᠡ ᠪᠡᠨ ᠳᠠᠢᠴᠢᠯᠠᠨ ᠠᠵᠢᠯᠯᠠᠬᠤ ᠨᠢ ᠣᠷᠴᠢᠭᠤᠯᠬᠤ ᠴᠢᠳᠠᠪᠤᠷᠢ ᠲᠤ ᠲᠡᠢᠮᠦ ᠴᠤ ᠶᠡᠬᠡ ᠨᠡᠮᠡᠷᠢ ᠪᠣᠯᠳᠠᠭ ᠦᠭᠡᠢ ᠭᠡᠵᠦ ᠪᠢ ᠮᠡᠳᠡᠭᠰᠡᠨ᠃ ᠭᠠᠳᠠᠭᠠᠳᠤ ᠬᠡᠯᠡᠨ ᠡᠴᠡ ᠲᠥᠷᠦᠯᠬᠢ ᠬᠡᠯᠡ ᠤᠷᠤᠭᠤ ᠪᠠᠨ ᠣᠷᠴᠢᠭᠤᠯᠪᠠᠯ ᠦᠭᠡᠰ ᠦᠨ ᠰᠠᠨ᠂ ᠢᠯᠡᠷᠬᠡᠢᠯᠡᠬᠦ ᠴᠢᠳᠠᠪᠤᠷᠢ ᠪᠠᠨ ᠳᠡᠭᠡᠭᠰᠢᠯᠡᠭᠦᠯᠬᠦ ᠢᠯᠡᠭᠦᠦ ᠶᠡᠬᠡ ᠪᠣᠯᠤᠮᠵᠢ ᠵᠢ ᠥᠭᠳᠡᠭ᠃

ᠪᠦᠲᠦᠯᠭᠦᠢᠲᠦᠯ

ᠣᠨ ᠤᠳᠠᠭᠠᠨ ᠵᠢᠯ ᠪᠦᠲᠦᠯᠦᠭᠡᠢᠲᠦᠭᠰᠡᠭᠡᠷ ᠯᠠ ᠪᠠᠢᠯ᠎ᠠ᠃ ᠠᠮᠠᠨ ᠣᠷᠴᠢᠭᠤᠯᠭ᠎ᠠ ᠬᠢᠬᠦ ᠳᠡᠭᠡᠨ ᠲᠡᠪᠡᠳᠡᠵᠦ ᠰᠠᠨᠳᠤᠷᠬᠤ ᠳ᠋ᠦ ᠪᠠᠨ ᠠᠯᠳᠠᠭ᠎ᠠ ᠭᠠᠷᠭᠠᠳᠠᠭ ᠪᠠᠢᠭᠰᠠᠨ ᠡᠴᠡ ᠭᠠᠳᠠᠨ᠎ᠠ᠂ ᠬᠡᠯᠡᠮᠦᠷᠴᠢ ᠬᠢᠬᠦ ᠳᠡᠭᠡᠨ ᠲᠡᠳᠦᠢᠯᠡᠨ ᠰᠠᠢᠨ ᠪᠢᠰᠢ ᠪᠠᠢᠭᠰᠠᠨ ᠪᠢᠯᠡ᠃ ᠪᠢᠴᠢᠭ ᠦᠨ ᠣᠷᠴᠢᠭᠤᠯᠭ᠎ᠠ ᠬᠢᠬᠦ ᠳ᠋ᠦ ᠴᠤ ᠳᠤᠲᠠᠭᠳᠠᠯ ᠲᠠᠢ ᠵᠦᠢᠯ ᠪᠠᠢᠭᠰᠠᠭᠠᠷ ᠪᠠᠢᠭᠰᠠᠨ ᠰᠠᠨᠠᠭᠳᠠᠳᠠᠭ᠃

ᠨᠢᠭᠡ ᠤᠳᠠᠭ᠎ᠠ ᠲᠠᠨᠢᠳᠠᠭ ᠶᠠᠫᠣᠨ ᠡᠮᠡᠭᠲᠡᠢ ᠨᠥᠬᠦᠷ ᠨᠢ ᠪᠣᠯᠬᠤ ᠬᠢᠲᠠᠳ ᠤᠷᠠᠨ ᠪᠦᠲᠦᠭᠡᠯᠴᠢ ᠵᠢᠨ ᠪᠦᠲᠦᠭᠡᠯ ᠦᠨ ᠴᠤᠭᠯᠠᠭᠤᠯᠭ᠎ᠠ ᠵᠢᠨ ᠣᠷᠤᠰᠢᠯ ᠵᠢ ᠣᠷᠴᠢᠭᠤᠯᠬᠤ ᠵᠢ ᠨᠠᠳᠠ ᠠᠴᠠ ᠬᠦᠰᠡᠵᠦ ᠬᠢᠲᠠᠳ ᠬᠡᠯᠡ ᠳᠡᠬᠢ ᠡᠬᠡ ᠵᠣᠬᠢᠶᠠᠯ᠂ ᠶᠠᠫᠣᠨ ᠬᠡᠯᠡᠨ ᠦ ᠣᠷᠴᠢᠭᠤᠯᠭ᠎ᠠ ᠵᠢ ᠬᠣᠶᠠᠭᠤᠯᠠ ᠵᠢ ᠨᠢ ᠨᠠᠳᠠ ᠳ᠋ᠦ ᠥᠭᠭᠦᠭᠰᠡᠨ᠃ ᠬᠢᠲᠠᠳ ᠬᠡᠯᠡᠨ ᠦ ᠡᠬᠡ ᠵᠣᠬᠢᠶᠠᠯ ᠦᠨ ᠤᠳᠬ᠎ᠠ ᠨᠢ ᠣᠪᠤᠭ᠎ᠠ ᠲᠣᠳᠤᠷᠬᠠᠢ ᠪᠠᠢᠭᠰᠠᠨ ᠪᠣᠯᠪᠠᠴᠤ ᠪᠢ ᠶᠠᠭᠠᠬᠢᠵᠤ ᠲᠣᠬᠢᠷᠠᠮᠵᠢᠲᠠᠢ ᠰᠠᠢᠨ ᠨᠠᠢᠷᠠᠭᠤᠯᠭ᠎ᠠ ᠵᠢᠠᠷ ᠣᠷᠴᠢᠭᠤᠯᠬᠤ ᠪᠠᠨ ᠮᠡᠳᠡᠬᠦ ᠦᠭᠡᠢ ᠪᠠᠢᠯ᠎ᠠ᠃ ᠮᠢᠨᠦ ᠬᠤᠪᠢ ᠳᠤ ᠤᠷᠠᠨ ᠪᠦᠲᠦᠭᠡᠯᠴᠢ ᠵᠢᠨ ᠡᠬᠡᠨᠡᠷ ᠦᠨ ᠣᠷᠴᠢᠭᠤᠯᠤᠭᠰᠠᠨ ᠶᠠᠫᠣᠨ ᠣᠷᠴᠢᠭᠤᠯᠭ᠎ᠠ ᠨᠢ ᠬᠣᠶᠠᠷ ᠬᠡᠯᠡᠨ ᠦ ᠬᠣᠭᠤᠷᠤᠨᠳᠤ ᠵᠢᠨ ᠢᠯᠭᠠᠭ᠎ᠠ ᠵᠢ ᠬᠦᠴᠢ ᠪᠡᠷ ᠲᠣᠬᠢᠷᠠᠭᠤᠯᠤᠭᠰᠠᠨ᠂ ᠪᠣᠯᠬᠢ ᠪᠦᠲᠦᠴᠡ ᠵᠢᠡᠷ ᠳᠦᠭᠦᠷᠡᠩ᠂ ᠲᠣᠭᠤᠷᠢᠭᠤ ᠵᠠᠮ ᠢᠶᠠᠷ ᠨᠠᠢᠷᠠᠭᠤᠯᠤᠭᠰᠠᠨ᠂ ᠬᠠᠩᠭᠠᠯᠲᠠ ᠦᠭᠡᠢ ᠥᠭᠦᠯᠪᠦᠷᠢ ᠪᠠᠢᠭᠰᠠᠨ᠃ ᠪᠢ ᠣᠷᠴᠢᠭᠤᠯᠵᠤ ᠳᠠᠭᠤᠰᠬᠠᠭᠠᠳ ᠲᠡᠭᠦᠨ ᠳ᠋ᠦ ᠥᠭᠭᠦᠭᠰᠡᠨ ᠦ ᠳᠠᠷᠠᠭ᠎ᠠ ᠲᠡᠷᠡ ᠵᠢᠡᠷ ᠰᠤᠷᠠᠭ ᠦᠭᠡᠢ ᠪᠣᠯᠤᠯᠤᠭ᠎ᠠ᠃ ᠬᠡᠰᠡᠭ ᠬᠤᠭᠤᠴᠠᠭᠠᠨ ᠤ ᠳᠠᠷᠠᠭ᠎ᠠ ᠨᠢᠭᠡ ᠶᠠᠫᠣᠨ ᠨᠠᠢᠵᠠ ᠮᠠᠨᠢ ᠨᠠᠳᠠ ᠳ᠋ᠦ ᠲᠡᠷᠡ ᠡᠮᠡᠭᠲᠡᠢ ᠮᠢᠨᠦ ᠣᠷᠴᠢᠭᠤᠯᠭ᠎ᠠ ᠳ᠋ᠦ ᠲᠤᠩ ᠰᠡᠳᠬᠢᠯ ᠳᠤᠮᠳᠠᠭᠤᠷ ᠪᠠᠢᠭᠰᠠᠨ ᠲᠤᠬᠠᠢ ᠶᠠᠷᠢᠵᠤ ᠪᠢᠯᠡ᠃ ᠮᠢᠨᠦ ᠪᠣᠳᠤᠯ ᠢᠶᠠᠷ᠂ ᠣᠷᠴᠢᠭᠤᠯᠭ᠎ᠠ ᠮᠢᠨᠢ ᠢᠯᠡᠭᠦᠦ ᠬᠢᠯᠪᠠᠷ᠂ ᠤᠷᠠᠯᠠᠬᠤ ᠮᠡᠳᠡᠷᠡᠮᠵᠢ ᠳᠤᠲᠠᠭᠤ ᠪᠠᠢᠭᠰᠠᠨ ᠪᠠᠢᠵᠤ ᠮᠠᠭᠠᠳ ᠦᠭᠡᠢ᠃ ᠬᠠᠷᠠᠮᠰᠠᠯᠲᠠᠢ ᠨᠢ ᠲᠡᠷᠡ ᠡᠮᠡᠭᠲᠡᠢ ᠨᠠᠳᠠ ᠳ᠋ᠦ ᠶᠠᠮᠠᠷ ᠴᠤ ᠦᠨᠡᠯᠡᠯᠲᠡ ᠳᠦᠩᠨᠡᠯᠲᠡ ᠲᠠᠢᠯᠪᠤᠷᠢ ᠥᠭᠭᠦᠭᠡ ᠦᠭᠡᠢ ᠪᠣᠯᠬᠤ ᠪᠠᠷ᠂ ᠪᠢ ᠵᠢᠩᠬᠢᠨᠢ ᠰᠢᠯᠲᠠᠭᠠᠨ ᠢ ᠬᠡᠵᠢᠶ᠎ᠡ ᠴᠤ ᠮᠡᠳᠡᠭᠡ ᠦᠭᠡᠢ ᠪᠥᠭᠡᠳ ᠲᠡᠷᠡ ᠪᠠᠢᠳᠠᠯ ᠠᠴᠠ ᠲᠦᠪᠰᠢᠨ ᠵᠢᠡᠨ ᠠᠬᠢᠭᠤᠯᠬᠤ ᠪᠣᠯᠤᠮᠵᠢ ᠠᠪᠴᠤ ᠴᠢᠳᠠᠭ᠎ᠠ ᠦᠭᠡᠢ ᠶᠤᠮ᠃

ᠭᠠᠵᠠᠷ ᠬᠥᠳᠡᠯᠦᠯᠲᠡ ᠵᠢᠨ ᠳᠠᠷᠠᠭ᠎ᠠ ᠪᠣᠬᠢᠷ ᠤᠰᠠᠨ ᠦ ᠱᠤᠭᠤᠮ ᠰᠦᠯᠵᠢᠶ᠎ᠡ
ᠭᠠᠵᠠᠷ ᠬᠥᠳᠡᠯᠦᠯᠲᠡ ᠵᠢᠨ ᠳᠠᠷᠠᠭᠠᠬᠢ ᠪᠣᠬᠢᠷ ᠤᠰᠤᠨ ᠤ ᠱᠤᠭᠤᠮ ᠰᠦᠯᠵᠢᠶ᠎ᠡ

ᠰᠠᠢᠬᠠᠨ ᠪᠢ ᠶᠠᠫᠣᠨ ᠦᠢᠯᠡᠴᠢᠯᠡᠭᠦᠯᠦᠭᠴᠢ ᠵᠢᠨ ᠬᠦᠰᠡᠯᠲᠡ ᠪᠡᠷ ᠭᠠᠵᠠᠷ ᠬᠥᠳᠡᠯᠦᠯᠲᠡ ᠵᠢᠨ ᠳᠠᠷᠠᠭ᠎ᠠ ᠪᠣᠬᠢᠷ ᠤᠰᠤᠨ ᠤ ᠱᠤᠭᠤᠮ ᠰᠦᠯᠵᠢᠶ᠎ᠡ ᠵᠢ ᠰᠠᠭᠠᠳ ᠦᠭᠡᠢ ᠠᠵᠢᠯᠯᠠᠬᠤ ᠨᠥᠬᠦᠴᠡᠯ ᠢ ᠪᠦᠷᠢᠳᠦᠭᠦᠯᠬᠦ ᠲᠠᠯᠠᠭᠠᠷ ᠬᠣᠶᠠᠷ ᠣᠷᠴᠢᠭᠤᠯᠭ᠎ᠠ ᠵᠢᠨ ᠠᠵᠢᠯ ᠬᠢᠭᠰᠡᠨ ᠶᠤᠮ᠃ ᠡᠬᠢᠨ ᠦ ᠬᠢ ᠨᠢ ᠮᠢᠨᠦ ᠦᠢᠯᠡᠴᠢᠯᠡᠭᠦᠯᠦᠭᠴᠢ ᠵᠢᠨ ᠣᠯᠠᠨ ᠨᠡᠢᠲᠡ ᠳ᠋ᠦ ᠵᠣᠷᠢᠭᠤᠯᠵᠤ ᠬᠡᠯᠡᠬᠦ ᠦᠭᠡ ᠪᠠᠢᠭᠰᠠᠨ᠃ ᠪᠢ ᠡᠬᠡ ᠵᠢᠨ ᠦᠭᠡᠰ᠂ ᠪᠦᠲᠦᠴᠡ ᠲᠡᠢ ᠨᠢ ᠣᠢᠷᠠᠯᠴᠠᠭ᠎ᠠ ᠮᠠᠶᠢᠭ ᠵᠢᠠᠷ ᠣᠷᠴᠢᠭᠤᠯᠤᠭᠰᠠᠨ ᠨᠢ ᠦᠢᠯᠡᠴᠢᠯᠡᠭᠦᠯᠦᠭᠴᠢᠳ ᠣᠪᠤᠭ᠎ᠠ ᠲᠠᠭᠠᠯᠠᠭᠳᠠᠭᠰᠠᠨ᠃ ᠳᠠᠷᠠᠭ᠎ᠠ ᠵᠢᠨ ᠬᠢ ᠨᠢ ᠡᠬᠢᠨ ᠦ ᠬᠢ ᠲᠡᠢ ᠪᠡᠨ ᠨᠢ ᠣᠢᠷᠠᠯᠴᠠᠭ᠎ᠠ ᠪᠣᠯᠪᠠᠴᠤ᠂ ᠵᠠᠷᠯᠠᠯ ᠤᠴᠢᠷ ᠡᠴᠡ ᠵᠣᠷᠢᠯᠭ᠎ᠠ ᠨᠢ ᠮᠠᠰᠢ ᠥᠭᠡᠷ᠎ᠡ ᠪᠠᠢᠭᠰᠠᠨ᠃ ᠣᠯᠠᠨ ᠨᠡᠢᠲᠡ ᠵᠢᠨ ᠵᠠᠷᠯᠠᠯ ᠦᠨ ᠵᠠᠢ ᠬᠢᠵᠠᠭᠠᠷ ᠲᠠᠢ᠂ ᠬᠢᠯᠪᠠᠷ ᠣᠢᠯᠠᠭᠠᠭᠳᠠᠬᠤ ᠦᠭᠡ ᠬᠡᠷᠡᠭᠲᠡᠢ ᠪᠣᠯᠬᠤ ᠪᠠᠷ᠂ ᠪᠢ ᠰᠣᠩᠭᠤᠭᠰᠠᠨ ᠦᠭᠡ ᠵᠢ ᠨᠢ ᠬᠢᠯᠪᠠᠷᠴᠢᠯᠠᠵᠤ ᠲᠣᠭ᠎ᠠ ᠵᠢ ᠨᠢ ᠴᠤ ᠪᠠᠭᠠᠰᠬᠠᠵᠤ ᠰᠠᠢᠵᠢᠷᠠᠭᠤᠯᠤᠭᠰᠠᠨ᠃ ᠬᠠᠷᠢᠨ ᠡᠨᠡ ᠨᠢ ᠦᠢᠯᠡᠴᠢᠯᠡᠭᠦᠯᠦᠭᠴᠢ ᠵᠢᠨ ᠰᠡᠳᠬᠢᠯ ᠢ ᠵᠣᠪᠠᠭᠠᠵᠤ ᠡᠬᠡ ᠵᠢᠨ ᠣᠷᠴᠢᠭᠤᠯᠭ᠎ᠠ ᠵᠢᠨ ᠬᠡᠯᠪᠡᠷᠢ ᠲᠤ ᠣᠷᠤᠭᠤᠯᠬᠤ ᠭᠡᠵᠦ ᠰᠢᠨᠦᠵᠢᠨ᠎ᠡ ᠨᠤᠬᠤᠭᠰᠠᠨ ᠭᠡᠨ᠎ᠡ᠃ ᠡᠨᠡ ᠤᠳᠠᠭ᠎ᠠ ᠳ᠋ᠦ ᠪᠢ ᠡᠴᠦᠰ ᠲᠦ ᠨᠢ ᠡᠬᠡ ᠵᠣᠬᠢᠶᠠᠯ ᠢ ᠰᠣᠬᠤᠷ ᠵᠢᠠᠷ ᠳᠠᠭᠠᠳᠠᠭ ᠮᠠᠭᠤ ᠵᠤᠷᠰᠢᠯ ᠠᠴᠠ ᠪᠡᠨ ᠵᠠᠢᠯᠠᠰᠬᠢᠬᠦ ᠤᠷ᠎ᠠ ᠳᠦᠢ ᠡᠵᠡᠮᠰᠢᠭᠰᠡᠨ ᠴᠤ᠂ ᠢᠨᠢᠶᠡᠳᠦᠮᠲᠡᠢ ᠨᠢ ᠦᠢᠯᠡᠴᠢᠯᠡᠭᠦᠯᠦᠭᠴᠢ ᠵᠢᠨ ᠵᠢᠡᠨ ᠰᠡᠳᠬᠢᠯ ᠢ ᠬᠠᠩᠭᠠᠭᠠ ᠦᠭᠡᠢ ᠬᠡᠷᠡᠭ᠃ ᠦᠢᠯᠡᠴᠢᠯᠡᠭᠦᠯᠦᠭᠴᠢ ᠬᠠᠷᠠᠪᠠᠰᠤ ᠮᠢᠨᠦ ᠵᠠᠢᠯᠠᠰᠬᠢᠬᠦ ᠭᠡᠵᠦ ᠪᠠᠢᠭ᠎ᠠ ᠲᠡᠷᠡ ᠣᠷᠴᠢᠭᠤᠯᠬᠤ ᠠᠷᠭ᠎ᠠ ᠵᠢ ᠬᠦᠰᠡᠭᠡᠳ ᠪᠠᠢᠭᠰᠠᠨ ᠶᠤᠮ᠃

ᠮᠢᠨᠦ ᠰᠤᠷᠤᠭᠰᠠᠨ ᠵᠦᠢᠯ

ᠣᠯᠠᠨ ᠵᠢᠯ ᠦᠨ ᠲᠤᠷᠰᠢᠯᠭ᠎ᠠ ᠲᠠᠢ ᠪᠣᠯᠬᠤ ᠪᠠᠷ ᠨᠠᠮᠠᠢ ᠣᠷᠴᠢᠭᠤᠯᠭ᠎ᠠ ᠵᠢᠨ ᠲᠠᠯᠠᠭᠠᠷ ᠲᠡᠭᠦᠰ ᠭᠡᠵᠦ ᠪᠣᠳᠤᠵᠤ ᠪᠠᠢᠵᠤ ᠮᠠᠭᠠᠳ ᠦᠭᠡᠢ᠂ ᠬᠠᠷᠠᠮᠰᠠᠯᠲᠠᠢ ᠨᠢ ᠲᠡᠢᠮᠦ ᠪᠢᠰᠢ ᠶᠤᠮ᠃ ᠭᠡᠬᠢ ᠳᠡᠭᠡᠨ ᠣᠯᠠᠨ ᠵᠢᠯ ᠦᠨ ᠲᠤᠷᠰᠢ ᠡᠢᠮᠦ ᠶᠡᠷᠦᠳᠡ ᠵᠢᠨ ᠣᠷᠴᠢᠭᠤᠯᠭ᠎ᠠ ᠬᠢᠬᠦ ᠳ᠋ᠦ ᠪᠡᠨ ᠮᠢᠨᠦ ᠣᠯᠵᠤ ᠮᠡᠳᠡᠭᠰᠡᠨ᠂ ᠣᠢᠯᠠᠭᠠᠭᠰᠠᠨ ᠵᠦᠢᠯᠡᠰ ᠦᠨ ᠵᠠᠷᠢᠮ ᠢ ᠨᠢ ᠳᠣᠣᠷ᠎ᠠ ᠳᠤᠷᠠᠳᠠᠶ᠎ᠠ᠃ ᠡᠭᠦᠨ ᠦ ᠶᠡᠬᠡᠩᠬᠢ ᠨᠢ ᠴᠡᠪᠡᠷ ᠡᠷᠡᠭᠦᠯ ᠤᠬᠠᠭᠠᠨ ᠪᠣᠯᠪᠠᠴᠤ 'ᠣᠷᠴᠢᠭᠤᠯᠭ᠎ᠠ ᠰᠤᠳᠤᠯᠤᠯ' ᠦᠨ ᠰᠠᠯᠪᠤᠷᠢ ᠲᠤ ᠪᠠᠭ᠎ᠠ ᠵᠡᠷᠭᠡ ᠬᠠᠮᠢᠶᠠᠷᠤᠯ ᠲᠠᠢ ᠪᠠᠢᠵᠤ ᠪᠣᠯᠬᠤ ᠶᠤᠮ᠃

1. ᠣᠷᠴᠢᠭᠤᠯᠭ᠎ᠠ ᠪᠣᠯ ᠵᠣᠷᠢᠯᠭ᠎ᠠ ᠳ᠋ᠦ ᠴᠢᠭᠯᠡᠭᠰᠡᠨ ᠦᠢᠯᠡ ᠠᠵᠢᠯᠯᠠᠭ᠎ᠠ᠂ ᠵᠥᠪᠬᠡᠨ ᠵᠣᠷᠢᠯᠭ᠎ᠠ ᠵᠢᠨ ᠲᠠᠯ᠎ᠠ ᠠᠴᠠ ᠣᠢᠯᠠᠭᠠᠬᠤ ᠪᠣᠯᠤᠮᠵᠢᠲᠠᠢ᠃

ᠲᠤᠢᠯ ᠤᠨ ᠣᠨᠤᠪᠴᠢᠲᠠᠢ ᠵᠥᠪ ᠣᠷᠴᠢᠭᠤᠯᠭ᠎ᠠ ᠭᠡᠵᠦ ᠪᠠᠢᠳᠠᠭ ᠦᠭᠡᠢ᠃ ᠵᠥᠪᠬᠡᠨ ᠵᠣᠷᠢᠯᠭ᠎ᠠ ᠳ᠋ᠦ ᠨᠡᠢᠴᠡᠭᠰᠡᠨ ᠣᠷᠴᠢᠭᠤᠯᠭ᠎ᠠ ᠭᠡᠵᠦ ᠪᠤᠢ᠃ ᠣᠷᠴᠢᠭᠤᠯᠭ᠎ᠠ ᠵᠢ ᠶᠡᠬᠡᠪᠴᠢᠯᠡᠨ 'ᠬᠠᠤᠯᠢ ᠶᠣᠰᠤᠨ ᠤ ᠣᠷᠴᠢᠭᠤᠯᠭ᠎ᠠ'᠂ 'ᠤᠳᠬ᠎ᠠ ᠵᠣᠬᠢᠶᠠᠯ ᠦᠨ ᠣᠷᠴᠢᠭᠤᠯᠭ᠎ᠠ' ᠭᠡᠬᠦ ᠮᠡᠲᠦᠴᠢᠯᠡᠨ ᠬᠤᠪᠢᠶᠠᠳᠠᠭ᠃ ᠡᠨᠡ ᠨᠢ ᠵᠥᠪᠬᠡᠨ ᠵᠣᠷᠢᠯᠭ᠎ᠠ ᠵᠢᠡᠷ ᠨᠢ ᠬᠤᠪᠢᠶᠠᠵᠤ ᠪᠠᠢᠭ᠎ᠠ ᠶᠤᠮ᠃


ᠬᠡᠷᠪᠡ ᠠᠮᠧᠷᠢᠺᠠ ᠤᠯᠣᠰ ᠦᠨ ᠡᠯᠴᠢᠨ ᠰᠠᠢᠳ ᠤᠨ ᠶᠠᠮᠤᠨ ᠡᠬᠡ ᠵᠣᠬᠢᠶᠠᠯ ᠢ ᠦᠭᠡᠴᠢᠯᠡᠨ ᠣᠷᠴᠢᠭᠤᠯᠤᠭᠰᠠᠨ᠂ ᠡᠬᠡ ᠲᠡᠢ ᠲᠣᠳᠤᠷᠬᠠᠢ ᠬᠣᠯᠪᠤᠭᠠᠲᠠᠢ ᠣᠷᠴᠢᠭᠤᠯᠭ᠎ᠠ ᠢ ᠬᠦᠰᠡᠵᠦ ᠪᠠᠢᠪᠠᠯ᠂ ᠡᠨᠡ ᠨᠢ ᠵᠠᠢᠯᠠᠰᠢ ᠦᠭᠡᠢ ᠱᠠᠭᠠᠷᠳᠠᠯᠭ᠎ᠠ;


ᠬᠦᠮᠦᠰ ᠢ ᠢᠳᠬᠠᠬᠤ᠂ ᠰᠡᠳᠬᠢᠭᠳᠡᠯ ᠲᠥᠷᠦᠭᠦᠯᠬᠦ ᠱᠠᠭᠠᠷᠳᠠᠯᠭᠠᠲᠠᠢ ᠪᠣᠯ᠂ ᠬᠦᠮᠦᠰ ᠢ ᠢᠳᠬᠠᠬᠤ ᠦᠭᠡᠰ ᠢ ᠵᠢᠭᠳᠡ ᠬᠡᠷᠡᠭᠯᠡᠬᠦ ᠶᠣᠰᠤᠲᠠᠢ


ᠪᠠᠷᠠᠭ᠎ᠠ ᠪᠦᠲᠦᠭᠡᠭᠳᠡᠬᠦᠨ᠂ ᠦᠢᠯᠡᠴᠢᠯᠡᠭᠡᠨ ᠳ᠋ᠦ ᠰᠣᠨᠢᠷᠬᠠᠭᠴᠢ ᠵᠢᠨ ᠰᠡᠳᠬᠢᠯ ᠢ ᠨᠢ ᠲᠠᠲᠠᠮ᠎ᠠ ᠪᠣᠯᠭᠠᠬᠤ ᠵᠣᠷᠢᠯᠭᠠᠲᠠᠢ ᠣᠷᠴᠢᠭᠤᠯᠭ᠎ᠠ ᠨᠢ ᠰᠡᠳᠬᠢᠯ ᠲᠠᠲᠠᠮ᠎ᠠ ᠪᠠᠢᠳᠠᠯ ᠵᠢᠠᠷ ᠲᠠᠨᠢᠯᠴᠠᠭᠤᠯᠬᠤ ᠶᠣᠰᠤᠲᠠᠢ;


ᠬᠡᠷᠪᠡ ᠣᠷᠴᠢᠭᠤᠯᠭ᠎ᠠ ᠨᠢ ᠤᠯᠤᠰ ᠲᠥᠷᠦ ᠵᠢᠨ ᠱᠠᠭᠠᠷᠳᠠᠯᠭ᠎ᠠ ᠵᠢ ᠬᠠᠩᠭᠠᠬᠤ ᠬᠡᠷᠡᠭᠲᠡᠢ ᠪᠣᠯ ᠲᠠᠭᠠᠷᠠᠭᠰᠠᠨ ᠦᠭᠡᠰ ᠢ ᠬᠡᠷᠡᠭᠯᠡᠬᠦ ᠶᠣᠰᠤᠲᠠᠢ᠃ (ᠵᠢᠰᠢᠶ᠎ᠡ ᠨᠢ᠂ ᠳᠤᠮᠳᠠᠳᠤ ᠤᠯᠤᠰ ᠦᠨ ᠬᠢᠯᠢ ᠵᠢᠨ ᠴᠢᠨᠠᠳᠤ ᠳ᠋ᠦ ᠵᠣᠷᠢᠭᠤᠯᠤᠭᠰᠠᠨ ᠮᠡᠳᠡᠭᠡᠯᠡᠯ ᠦᠨ ᠨᠢᠭᠡ ᠠᠰᠠᠭᠤᠳᠠᠯ ᠪᠣᠯ ᠭᠠᠳᠠᠭᠠᠳᠤ ᠳ᠋ᠦ ᠪᠠᠢᠭ᠎ᠠ ᠤᠩᠰᠢᠭᠴᠢᠳ ᠳ᠋ᠦ ᠰᠡᠳᠬᠢᠭᠳᠡᠯ ᠲᠥᠷᠦᠭᠦᠯᠬᠦ ᠵᠢᠨ ᠵᠡᠷᠭᠡᠴᠡᠭᠡ᠂ ᠤᠯᠤᠰ ᠲᠥᠷᠦ ᠵᠢᠨ ᠱᠠᠭᠠᠷᠳᠠᠯᠭ᠎ᠠ ᠵᠢ ᠬᠠᠲᠠᠭᠤ ᠪᠠᠷᠢᠮᠲᠠᠯᠠᠬᠤ ᠭᠡᠳᠡᠭ ᠬᠣᠶᠠᠷ ᠵᠣᠷᠢᠯᠭ᠎ᠠ ᠨᠢ ᠬᠠᠷᠢᠯᠴᠠᠨ ᠵᠥᠷᠢᠴᠡᠯᠳᠦᠳᠡᠭ);


ᠬᠠᠤᠯᠢ ᠡᠷᠬᠡ ᠵᠦᠢ ᠵᠢᠨ ᠣᠷᠴᠢᠭᠤᠯᠭ᠎ᠠ ᠨᠢ᠂ ᠠᠭᠤᠯᠭ᠎ᠠ ᠨᠢ ᠬᠠᠤᠯᠢ ᠵᠢᠨ ᠴᠣᠭᠤᠷᠬᠠᠢ ᠦᠭᠡᠢ᠂ ᠡᠷᠬᠡ ᠵᠦᠢ ᠵᠢᠨ ᠪᠠᠷᠢᠮᠲᠠ ᠪᠢᠴᠢᠭ ᠦᠨ ᠬᠡᠪ ᠮᠠᠶᠢᠭ ᠲᠠᠢ᠂ ᠬᠠᠤᠯᠢ ᠳᠡᠭᠡᠷ᠎ᠡ ᠨᠢᠴᠤᠭᠠᠭᠳᠠᠰᠢ ᠦᠭᠡᠢ ᠪᠠᠢᠬᠤ ᠶᠣᠰᠤᠲᠠᠢ;


ᠤᠯᠤᠰ ᠲᠥᠷᠦᠴᠢᠳ ᠳ᠋ᠦ ᠵᠣᠷᠢᠭᠤᠯᠤᠭᠰᠠᠨ ᠣᠷᠴᠢᠭᠤᠯᠭ᠎ᠠ ᠨᠢ ᠲᠡᠳᠡᠨ ᠦ ᠤᠯᠤᠰ ᠲᠥᠷᠦ ᠵᠢᠨ ᠠᠰᠠᠭᠤᠳᠠᠯ ᠳ᠋ᠦ ᠶᠠᠭᠠᠬᠢᠵᠤ ᠨᠥᠯᠦᠭᠡᠯᠡᠬᠦ ᠵᠢ ᠮᠡᠳᠡᠷᠡᠬᠦ ᠮᠡᠳᠡᠷᠡᠮᠵᠢᠲᠡᠢ ᠪᠠᠢᠬᠤ ᠬᠡᠷᠡᠭᠲᠡᠢ;


ᠭᠠᠳᠠᠭᠠᠳᠤ ᠬᠠᠷᠢᠯᠴᠠᠭᠠᠨ ᠤ ᠣᠷᠴᠢᠭᠤᠯᠭ᠎ᠠ ᠨᠢ ᠭᠠᠳᠠᠭᠠᠳᠤ ᠬᠠᠷᠢᠯᠴᠠᠭᠠᠨ ᠤ ᠬᠡᠯᠪᠡᠷᠢ ᠵᠢᠨ ᠣᠨᠴᠠᠯᠢᠭ ᠬᠡᠯᠪᠡᠷᠢ᠂ ᠬᠡᠯᠡ ᠵᠢ ᠳᠠᠭᠠᠵᠤ ᠮᠥᠷᠳᠡᠬᠦ ᠶᠣᠰᠤᠲᠠᠢ;


ᠭᠣᠣᠯ ᠮᠡᠳᠡᠭᠡᠯᠡᠯ ᠢ ᠱᠠᠭᠠᠷᠳᠠᠳᠠᠭ ᠣᠷᠴᠢᠭᠤᠯᠭ᠎ᠠ ᠨᠢ ᠦᠨᠡᠨ ᠵᠥᠪ᠂ ᠬᠡᠷᠡᠭᠴᠡᠭᠡ ᠵᠢ ᠬᠠᠩᠭᠠᠳᠠᠭ ᠪᠠᠢᠬᠤ ᠶᠣᠰᠤᠲᠠᠢ᠃ ᠬᠡᠴᠢᠨᠡᠨ ᠴᠤ ᠰᠠᠢᠬᠠᠨ ᠥᠩᠭᠡᠯᠡᠭᠰᠡᠨ ᠣᠷᠴᠢᠭᠤᠯᠭ᠎ᠠ ᠪᠠᠢᠭᠰᠠᠨ ᠴᠤ ᠲᠣᠭ᠎ᠠ ᠪᠠᠷᠢᠮᠲᠠ ᠠᠯᠳᠠᠭ᠎ᠠ ᠲᠠᠢ ᠪᠠᠢᠪᠠᠯ ᠬᠡᠷᠡᠭᠴᠡᠭᠡ ᠬᠠᠩᠭᠠᠬᠤ ᠦᠭᠡᠢ ᠮᠠᠭᠤ ᠣᠷᠴᠢᠭᠤᠯᠭ᠎ᠠ ᠪᠣᠯᠤᠨ᠎ᠠ;


ᠤᠷᠠᠨ ᠵᠣᠬᠢᠶᠠᠯ ᠦᠨ ᠣᠷᠴᠢᠭᠤᠯᠭ᠎ᠠ ᠨᠢ ᠤᠩᠰᠢᠭᠴᠢᠳ ᠳ᠋ᠦ ᠤᠷᠠᠨ ᠰᠠᠢᠬᠠᠨ ᠮᠡᠳᠡᠷᠡᠮᠵᠢ ᠲᠥᠷᠦᠭᠦᠯᠬᠦ ᠵᠣᠷᠢᠯᠭᠠᠲᠠᠢ᠃ ᠭᠦᠨ ᠤᠬᠠᠭᠠᠨ ᠰᠡᠳᠬᠢᠯᠵᠦᠢ ᠵᠢᠨ ᠰᠣᠩᠭᠤᠳᠠᠭ ᠵᠣᠬᠢᠶᠠᠯ ᠢ ᠰᠣᠩᠭᠤᠳᠠᠭ ᠵᠣᠬᠢᠶᠠᠯ ᠰᠢᠭ ᠤᠩᠰᠢᠭᠳᠠᠳᠠᠭ᠂ ᠠᠳᠠᠯ ᠶᠠᠪᠤᠳᠠᠯᠲᠤ ᠵᠣᠬᠢᠶᠠᠯ ᠢ ᠠᠳᠠᠯ ᠶᠠᠪᠤᠳᠠᠯᠲᠤ ᠵᠣᠬᠢᠶᠠᠯ ᠰᠢᠭ ᠤᠩᠰᠢᠭᠳᠠᠳᠠᠭ᠂ ᠬᠣᠱᠤᠩ ᠵᠣᠬᠢᠶᠠᠯ ᠢ ᠬᠣᠱᠤᠩ ᠱᠣᠭ ᠵᠣᠬᠢᠶᠠᠯ ᠰᠢᠭ ᠤᠩᠰᠢᠭᠳᠠᠳᠠᠭ ᠪᠠᠢᠬᠤ ᠪᠠᠷ ᠣᠷᠴᠢᠭᠤᠯᠬᠤ ᠬᠡᠷᠡᠭᠲᠡᠢ;


Alexander Pope
ᠠᠯᠧᠺᠰᠠᠨᠳ᠋ᠷ ᠫᠣᠤᠫ (Wikipedia)

ᠤᠷᠠᠨ ᠵᠣᠬᠢᠶᠠᠯ ᠦᠨ ᠣᠷᠴᠢᠭᠤᠯᠭ᠎ᠠ ᠵᠢᠨ ᠱᠠᠭᠠᠷᠳᠠᠯᠭ᠎ᠠ ᠮᠥᠩᠬᠡ ᠳ᠋ᠦ ᠲᠣᠭᠲᠠᠭᠠᠭᠰᠠᠨ ᠵᠦᠢᠯ ᠪᠢᠰᠢ. ᠠᠷᠪᠠᠨ ᠨᠠᠢ᠋ᠮᠠ ᠵᠠᠭᠤᠨ ᠤ ᠠᠩᠭ᠍ᠯᠢ ᠵᠢᠨ ᠢᠷᠠᠭᠤ ᠨᠠᠢᠷᠠᠭᠴᠢ ᠪᠣᠯᠬᠤ ᠠᠯᠧᠺᠰᠠᠨᠳ᠋ᠷ ᠫᠣᠤᠫ (Alexander Pope) ᠬᠣᠮᠧᠷ ᠦᠨ ᠲᠤᠤᠯᠢ ᠵᠢ ᠲᠡᠷᠡ ᠦᠶ᠎ᠡ ᠵᠢᠨ ᠰᠢᠯᠦᠭᠯᠡᠭᠰᠡᠨ ᠬᠡᠯᠪᠡᠷᠢ ᠵᠢᠡᠷ ᠣᠷᠴᠢᠭᠤᠯᠵᠤ᠂ ᠦᠭᠡ ᠨᠡᠮᠡᠵᠦ᠂ ᠬᠠᠰᠤᠵᠤ᠂ ᠰᠣᠯᠢᠭᠰᠠᠨ ᠪᠣᠯᠪᠠᠴᠤ ᠬᠦᠮᠦᠰ ᠲᠤ ᠰᠠᠢᠰᠢᠠᠭᠳᠠᠭᠰᠠᠨ ᠪᠠᠢᠳᠠᠭ᠃ ᠬᠠᠷᠢᠨ ᠥᠨᠦ ᠴᠠᠭ ᠦᠨ ᠬᠦᠮᠦᠰ ᠡᠷᠲᠡᠨ ᠦ ᠦᠶ᠎ᠡ ᠵᠢᠨ ᠬᠦᠮᠦᠰ ᠦᠨ ᠬᠡᠷᠡᠭᠯᠡᠳᠡᠭ ᠪᠠᠢᠭᠰᠠᠨ ᠪᠣᠳᠠᠲᠤ ᠦᠭᠡ ᠬᠡᠯᠡᠯᠭᠡ᠂ ᠨᠠᠢᠷᠠᠭᠤᠯᠭ᠎ᠠ ᠵᠢ ᠬᠦᠰᠡᠬᠦ ᠪᠣᠯᠤᠭᠰᠠᠨ ᠪᠠᠢᠨ᠎ᠠ᠃


ᠬᠤᠪᠢ ᠪᠠᠷ ᠵᠢᠠᠨ ᠥᠪᠡᠷ ᠦᠨ ᠵᠢᠡᠨ ᠬᠡᠷᠡᠭᠴᠡᠭᠡ ᠵᠢ ᠬᠠᠩᠭᠠᠬᠤ ᠣᠷᠴᠢᠭᠤᠯᠭ᠎ᠠ ᠨᠢ ᠬᠡᠪᠯᠡᠯ ᠡᠴᠡ ᠭᠠᠷᠭᠠᠵᠤ ᠣᠯᠠᠨ ᠨᠡᠢᠲᠡ ᠳ᠋ᠦ ᠲᠦᠭᠡᠭᠡᠬᠦ ᠣᠷᠴᠢᠭᠤᠯᠭ᠎ᠠ ᠡᠴᠡ ᠥᠭᠡᠷ᠎ᠡ "ᠤᠩᠰᠢᠭᠴᠢᠳ ᠲᠠᠢ" ᠤᠴᠢᠷ ᠡᠴᠡ᠂ ᠲᠠᠯᠪᠢᠬᠤ ᠱᠠᠭᠠᠷᠳᠠᠯᠭ᠎ᠠ ᠴᠤ ᠮᠥᠨ ᠲᠡᠢᠮᠦ ᠠᠵᠢ᠃


ᠲᠡᠦᠬᠡᠨ ᠪᠠᠷᠢᠮᠲᠠ ᠵᠢᠨ ᠣᠷᠴᠢᠭᠤᠯᠭ᠎ᠠ᠂ ᠶᠡᠬᠡᠪᠴᠢᠯᠡᠨ ᠲᠠᠢᠯᠪᠤᠷᠢ ᠲᠠᠢ᠂ ᠡᠷᠳᠡᠮ ᠰᠢᠨᠵᠢᠯᠡᠭᠡᠨ ᠦ ᠣᠷᠴᠢᠭᠤᠯᠭ᠎ᠠ ᠨᠢ ᠤᠳᠬ᠎ᠠ ᠵᠣᠬᠢᠶᠠᠯ ᠦᠨ ᠨᠠᠢᠷᠠᠭᠤᠯᠭ᠎ᠠ ᠲᠠᠢ ᠪᠠᠢᠬᠤ ᠱᠠᠭᠠᠷᠳᠠᠯᠭ᠎ᠠ ᠦᠭᠡᠢ᠃ ᠤᠳᠬ᠎ᠠ ᠵᠣᠬᠢᠶᠠᠯ ᠦᠨ ᠣᠷᠴᠢᠭᠤᠯᠭ᠎ᠠ ᠨᠢ ᠡᠷᠳᠡᠮ ᠰᠢᠨᠵᠢᠯᠡᠭᠡᠨ ᠦ ᠨᠠᠢᠷᠠᠭᠤᠯᠭ᠎ᠠ ᠲᠠᠢ ᠪᠠᠢᠬᠤ ᠴᠤ ᠠᠯᠪᠠ ᠦᠭᠡᠢ᠃ ᠭᠡᠬᠢ ᠳᠡᠭᠡᠨ ᠡᠨᠡ ᠬᠣᠶᠠᠷ ᠤᠨ ᠠᠯᠢ ᠠᠯᠢ ᠨᠢ ᠵᠣᠬᠢᠴᠠᠯᠳᠤᠭ᠎ᠠ ᠪᠠᠢᠬᠤ ᠨᠢ


《ᠪᠢᠴᠢᠬᠠᠨ ᠬᠤᠩᠲᠠᠢᠵᠢ》 ᠰᠢᠭ ᠦᠯᠢᠭᠡᠷ ᠦᠨ ᠡᠬᠡ ᠵᠣᠬᠢᠶᠠᠯ ᠢ ᠪᠦᠭᠦᠳᠡ ᠵᠢ ᠨᠢᠬᠡᠪ ᠵᠢᠡᠷ ᠨᠢ ᠣᠷᠴᠢᠭᠤᠯᠤᠭᠰᠠᠨ᠂ ᠪᠠᠰᠠ ᠬᠡᠦᠬᠡᠳ ᠦᠳ ᠲᠦ ᠵᠣᠷᠢᠭᠤᠯᠤᠭᠰᠠᠨ ᠦᠯᠢᠭᠡᠷ ᠰᠢᠭ ᠣᠷᠴᠢᠭᠤᠯᠤᠭᠰᠠᠨ ᠬᠣᠶᠠᠷ ᠮᠠᠶᠢᠭ ᠦᠨ ᠣᠷᠴᠢᠭᠤᠯᠭ᠎ᠠ ᠪᠠᠢᠳᠠᠭ᠃ ᠬᠡᠦᠬᠡᠳ ᠦᠳ ᠲᠦ ᠵᠣᠷᠢᠭᠤᠯᠵᠤ ᠣᠷᠴᠢᠭᠤᠯᠬᠤ ᠳ᠋ᠦ ᠮᠡᠳᠡᠭᠡж ᠦᠭᠡ ᠨᠠᠢᠷᠠᠭᠤᠯᠭ᠎ᠠ ᠵᠢ ᠥᠭᠡᠷᠡᠴᠢᠯᠡᠬᠦ ᠱᠠᠭᠠᠷᠳᠠᠯᠭ᠎ᠠ ᠠᠷᠪᠢᠨ


ᠻᠢᠨᠣ ᠵᠢᠨ ᠦᠭᠡ ᠵᠢ ᠬᠣᠶᠠᠷ ᠬᠡᠯᠪᠡᠷᠢ ᠵᠢᠡᠷ ᠣᠷᠴᠢᠭᠤᠯᠳᠠᠭ᠃ ᠨᠢᠭᠡ ᠨᠢ ᠦᠭᠡ ᠵᠢ ᠨᠢ ᠬᠥᠷᠪᠡᠭᠦᠯᠡᠭᠡᠳ ᠠᠪᠢᠶᠠᠯᠠᠭᠴᠢ ᠵᠢᠡᠷ ᠬᠡᠯᠡᠭᠦᠯᠬᠦ᠂ ᠨᠥᠭᠦᠭᠡ ᠨᠢ ᠳᠡᠯᠭᠡᠴᠡ ᠵᠢᠨ ᠦᠰᠦᠭ ᠣᠷᠴᠢᠭᠤᠯᠭ᠎ᠠ ᠬᠢᠭᠡᠳ ᠳᠡᠯᠭᠡᠴᠡ ᠵᠢᠨ ᠳᠣᠭᠤᠳᠤ ᠲᠠᠯ᠎ᠠ ᠳᠤ ᠬᠠᠳᠤᠵᠤ ᠭᠠᠷᠭᠠᠬᠤ᠃ ᠡᠨᠡ ᠬᠣᠶᠠᠷ ᠬᠡᠯᠪᠡᠷᠢ ᠬᠣᠭᠤᠷᠤᠨᠳᠤ ᠪᠠᠨ ᠱᠠᠯ ᠥᠭᠡᠷ᠎ᠡ᠃ ᠠᠪᠢᠶᠠᠯᠠᠭᠴᠢ ᠵᠢᠨ ᠬᠡᠯᠡᠬᠦ ᠦᠭᠡ ᠡᠬᠡ ᠦᠭᠡ ᠲᠡᠢ ᠭᠣᠣᠯᠳᠠᠭᠤ ᠠᠳᠠᠯᠢᠬᠠᠨ ᠬᠤᠭᠤᠴᠠᠭᠠᠨ ᠳ᠋ᠦ ᠬᠡᠯᠡᠵᠦ ᠠᠮᠵᠢᠬᠤ ᠱᠠᠭᠠᠷᠳᠠᠯᠭᠠᠲᠠᠢ᠃ ᠣᠷᠴᠢᠭᠤᠯᠤᠭᠴᠢ ᠦᠭᠡ ᠵᠢᠨ ᠵᠢᠡᠨ ᠤᠳᠬ᠎ᠠ ᠵᠢ ᠬᠠᠷᠢᠴᠠᠩᠭᠤᠢ ᠴᠢᠯᠦᠭᠡᠲᠡᠢ ᠣᠷᠴᠢᠭᠤᠯᠬᠤ ᠪᠣᠯᠤᠮᠵᠢᠲᠠᠢ ᠪᠠᠢᠳᠠᠭ᠃ ᠬᠠᠷᠢᠨ ᠬᠠᠳᠠᠮᠠᠯ ᠣᠷᠴᠢᠭᠤᠯᠭ᠎ᠠ ᠨᠢ ᠳᠡᠯᠭᠡᠴᠡ ᠳ᠋ᠦ ᠭᠠᠷᠳᠠᠭ ᠦᠰᠦᠭ ᠦᠨ ᠲᠣᠭ᠎ᠠ᠂ ᠭᠠᠷᠬᠤ ᠬᠤᠷᠳᠤ ᠭᠡᠬᠦ ᠮᠡᠲᠦ ᠬᠠᠲᠠᠭᠤ ᠱᠠᠭᠠᠷᠳᠠᠯᠭᠠᠲᠠᠢ᠃ ᠬᠠᠲᠠᠭᠤ ᠬᠢᠵᠠᠭᠠᠷᠯᠠᠯᠲᠠ ᠵᠢᠨ ᠳᠣᠲᠤᠷ᠎ᠠ ᠡᠬᠡ ᠦᠭᠡ ᠵᠢᠨ ᠤᠳᠬ᠎ᠠ ᠵᠢ ᠲᠣᠪᠴᠢ ᠲᠣᠳᠤᠷᠬᠠᠢ᠂ ᠢᠯᠡᠨ ᠳᠠᠯᠠᠨ ᠦᠭᠡᠢ᠂ ᠰᠢᠭᠤᠳ ᠣᠢᠯᠠᠭᠠᠵᠤ ᠴᠢᠳᠠᠬᠤ ᠦᠭᠡ ᠪᠡᠷ ᠳᠠᠮᠵᠢᠭᠤᠯᠬᠤ ᠬᠡᠷᠡᠭᠲᠡᠢ᠃


ᠬᠠᠷᠠᠮᠰᠠᠯᠲᠠᠢ ᠨᠢ ᠪᠣᠳᠠᠲᠤ ᠪᠠᠢᠳᠠᠯᠳ᠋ᠦ ᠣᠷᠴᠢᠭᠤᠯᠭ᠎ᠠ ᠬᠢᠬᠦ ᠵᠣᠷᠢᠯᠭ᠎ᠠ ᠨᠢ ᠤᠩᠰᠢᠭᠴᠢᠳ ᠳ᠋ᠦ ᠲᠣᠬᠢᠷᠠᠮᠵᠢᠲᠠᠢ ᠣᠷᠴᠢᠭᠤᠯᠭ᠎ᠠ ᠪᠤᠰᠤ᠂ ᠬᠠᠭᠠᠰ ᠳᠤᠲᠠᠭᠤ ᠭᠠᠳᠠᠭᠠᠳᠤ ᠬᠡᠯᠡ ᠮᠡᠳᠡᠳᠡᠭ ᠦᠢᠯᠡᠴᠢᠯᠡᠭᠦᠯᠦᠭᠴᠢ ᠵᠢᠨ ᠬᠡᠷᠡᠭᠴᠡᠭᠡ ᠵᠢ ᠬᠠᠩᠭᠠᠬᠤ ᠬᠡᠷᠡᠭᠲᠡᠢ ᠪᠠᠢᠬᠤ ᠲᠣᠬᠢᠶᠠᠯᠳᠤᠯ ᠪᠠᠢᠳᠠᠭ᠃ ᠡᠮᠦᠨ᠎ᠡ ᠥᠭᠭᠦᠭᠦᠯᠦᠭᠰᠡᠨ ᠶᠠᠫᠣᠨ ᠦᠢᠯᠡᠴᠢᠯᠡᠭᠦᠯᠦᠭᠴᠢ ᠰᠢᠭ. ᠢᠯᠠᠩᠭᠤᠶ᠎ᠠ ᠡᠢᠮᠦ ᠠᠰᠠᠭᠤᠳᠠᠯ ᠶᠠᠫᠣᠨ ᠳ᠋ᠦ ᠲᠦᠭᠡᠮᠡᠯ ᠪᠠᠢᠳᠠᠭ᠃

ᠵᠠ᠂ ᠨᠥᠬᠦᠴᠡᠯ ᠪᠠᠢᠳᠠᠯ ᠢ ᠣᠢᠯᠠᠭᠠᠭᠰᠠᠨ ᠪᠠᠢᠬᠤ ᠡ ...

2. ᠬᠡᠳᠦᠢ ᠪᠡᠷ ᠣᠷᠴᠢᠭᠤᠯᠭ᠎ᠠ ᠵᠢᠨ ᠫᠷᠣᠭ᠍ᠷᠠᠮ ᠵᠣᠬᠢᠶᠠᠨ ᠪᠦᠲᠦᠭᠡᠭᠰᠡᠨ ᠴᠤ ᠣᠷᠴᠢᠭᠤᠯᠭ᠎ᠠ ᠪᠣᠯ ᠬᠦᠮᠦᠨ ᠦ ᠲᠥᠯᠦᠭᠡ ᠬᠢᠭᠰᠡᠨ ᠬᠦᠮᠦᠨ ᠦ ᠦᠢᠯᠡ ᠠᠵᠢᠯᠯᠠᠭ᠎ᠠ ᠶᠤᠮ᠃

ᠬᠠᠮᠤᠭ ᠦᠨ ᠭᠣᠣᠯ ᠨᠢ ᠣᠷᠴᠢᠭᠤᠯᠭ᠎ᠠ ᠪᠣᠯ ᠣᠷᠴᠢᠭᠤᠯᠤᠭᠴᠢ ᠵᠢᠨ ᠣᠷᠴᠢᠭᠤᠯᠬᠤ ᠳ᠋ᠦ ᠪᠠᠨ ᠬᠢᠭᠰᠡᠨ ᠰᠣᠩᠭᠤᠯᠲᠠ ᠵᠢᠨ ᠦᠷ᠎ᠡ ᠳ᠋ᠦᠩ᠃ ᠲᠡᠷᠡ ᠰᠣᠩᠭᠤᠯᠲᠠ ᠨᠤᠭᠤᠳ ᠨᠢ ᠣᠷᠴᠢᠭᠤᠯᠭ᠎ᠠ ᠵᠢᠨ ᠶᠡᠷᠦᠩᠬᠡᠢ ᠬᠡᠪ ᠮᠠᠶᠢᠭ᠂ ᠥᠩᠭᠡ ᠠᠶᠠᠰ᠂ ᠨᠠᠷᠢᠪᠴᠢᠯᠠᠯ ᠲᠠᠢ ᠪᠠᠢᠳᠠᠯ ᠢ ᠲᠣᠳᠤᠷᠬᠠᠢᠯᠠᠳᠠᠭ᠃

ᠣᠷᠴᠢᠭᠤᠯᠤᠭᠴᠢ ᠵᠢᠨ ᠣᠯᠠᠨ ᠨᠥᠬᠦᠴᠡᠯ ᠪᠠᠢᠳᠠᠯ ᠨᠢ ᠣᠷᠴᠢᠭᠤᠯᠭ᠎ᠠ ᠵᠢᠨ ᠴᠢᠨᠠᠷ ᠲᠤ ᠨᠥᠯᠦᠭᠡᠯᠡᠨ᠎ᠡ᠃

ᠣᠷᠴᠢᠭᠤᠯᠤᠭᠴᠢ ᠬᠡᠷ ᠵᠡᠷᠭᠡ ᠡᠬᠡ ᠵᠣᠬᠢᠶᠠᠯ ᠵᠢᠡᠨ ᠣᠢᠯᠠᠭᠠᠵᠤ ᠪᠠᠢᠨ᠎ᠠ ᠪᠤᠢ? ᠣᠷᠴᠢᠭᠤᠯᠤᠭᠴᠢ ᠵᠢᠨ ᠦᠯᠦ ᠣᠢᠯᠠᠭᠠᠭᠰᠠᠨ ᠪᠠᠢᠳᠠᠯ ᠠᠴᠠ ᠪᠣᠯᠵᠤ ᠣᠷᠴᠢᠭᠤᠯᠭ᠎ᠠ ᠵᠢᠨ ᠴᠢᠨᠠᠷ ᠮᠠᠭᠤ ᠪᠣᠯᠬᠤ ᠨᠢ ᠲᠦᠭᠡᠮᠡᠯ


ᠣᠷᠴᠢᠭᠤᠯᠤᠭᠴᠢ ᠵᠢᠨ ᠣᠷᠴᠢᠭᠤᠯᠭ᠎ᠠ᠂ ᠲᠤᠬᠠᠢ ᠵᠢᠨ ᠴᠢᠭᠯᠡᠯ ᠦᠨ ᠲᠤᠷᠰᠢᠯᠭ᠎ᠠ᠃ ᠣᠷᠴᠢᠭᠤᠯᠤᠭᠴᠢᠳ ᠲᠤᠬᠠᠢ ᠵᠢᠨ ᠰᠡᠳᠦᠪ ᠢ ᠣᠢᠯᠠᠭᠠᠬᠤ᠂ ᠦᠭᠡ ᠵᠢᠨ ᠣᠯᠠᠨ ᠤᠳᠬ᠎ᠠ᠂ ᠨᠠᠢᠷᠠᠭᠤᠯᠭ᠎ᠠ ᠵᠢᠨ ᠬᠡᠪ ᠮᠠᠶᠢᠭ ᠢ ᠣᠯᠵᠤ ᠠᠪᠬᠤ ᠳᠠᠭᠠᠨ ᠮᠠᠰᠢ ᠶᠡᠬᠡ ᠴᠠᠭ ᠵᠠᠷᠤᠴᠠᠭᠤᠯᠬᠤ ᠱᠠᠭᠠᠷᠳᠠᠯᠭ᠎ᠠ ᠲᠤᠯᠭᠠᠷᠠᠨ᠎ᠠ᠃


ᠣᠷᠴᠢᠭᠤᠯᠤᠭᠴᠢ ᠠᠷᠪᠢᠨ ᠪᠠᠶᠠᠯᠢᠭ ᠦᠭᠡ᠂ ᠦᠭᠡ ᠵᠢᠨ ᠬᠡᠷᠡᠭᠯᠡᠭᠡ ᠲᠡᠢ ᠪᠠᠢᠪᠠᠯ ᠵᠣᠬᠢᠨ᠎ᠠ᠃ ᠵᠠᠷᠢᠮ ᠬᠦᠮᠦᠰ ᠰᠠᠢᠨ ᠨᠠᠢᠷᠠᠭᠤᠯᠭ᠎ᠠ᠂ ᠪᠠᠶᠠᠯᠢᠭ ᠦᠭᠡ ᠵᠢᠨ ᠰᠠᠩ᠂ ᠦᠭᠡ ᠬᠡᠯᠡᠯᠭᠡ ᠵᠢ ᠮᠡᠳᠡᠷᠡᠬᠦ ᠮᠡᠳᠡᠷᠡᠮᠵᠢ᠂ ᠵᠣᠬᠢᠶᠠᠭᠴᠢ ᠵᠢᠨ ᠶᠢᠷᠲᠢᠨᠴᠦ ᠵᠢ ᠦᠵᠡᠬᠦ ᠦᠵᠡᠯ ᠵᠡᠷᠭᠡ ᠶᠠᠩᠵᠤ ᠪᠦᠷᠢ ᠵᠢᠨ ᠬᠡᠯᠪᠡᠷᠢ ᠵᠢᠨ ᠤᠷᠠᠨ ᠵᠣᠬᠢᠶᠠᠯ ᠢ ᠰᠤᠳᠤᠯᠵᠤ ᠰᠠᠢᠨ ᠣᠷᠴᠢᠭᠤᠯᠤᠭᠴᠢ ᠪᠣᠯᠳᠠᠭ᠃ ᠵᠠᠷᠢᠮ ᠬᠦᠮᠦᠰ ᠠᠷᠠᠢ ᠡᠭᠦᠨ ᠳ᠋ᠦ


ᠣᠷᠴᠢᠭᠤᠯᠤᠭᠴᠢ ᠵᠢᠨ ᠥᠪᠡᠷᠮᠢᠴᠡ ᠰᠢᠨᠵᠢ᠃ ᠣᠷᠴᠢᠭᠤᠯᠤᠭᠴᠢ ᠨᠠᠷᠠ ᠡᠬᠡ ᠵᠣᠬᠢᠶᠠᠯ ᠢ ᠣᠷᠴᠢᠭᠤᠯᠬᠤ ᠥᠪᠡᠷ ᠦᠨ ᠭᠡᠭᠰᠡᠨ ᠣᠯᠠᠨ ᠠᠷᠭᠠᠲᠠᠢ᠃ ᠰᠣᠨᠢᠨ ᠤ ᠨᠡᠢᠲᠡᠯᠡᠯ ᠢ ᠣᠷᠴᠢᠭᠤᠯᠬᠤ ᠳ᠋ᠦ ᠪᠠᠨ ᠥᠪᠡᠷ ᠦᠨ ᠵᠢᠡᠨ ᠠᠷᠭ᠎ᠠ ᠵᠢ ᠬᠡᠷᠡᠭᠯᠡᠳᠡᠭ ᠪᠠᠢᠭᠰᠠᠨ ᠮᠠᠨᠠᠢ ᠡᠯᠴᠢᠨ ᠰᠠᠢᠳ ᠤᠨ ᠶᠠᠮᠤᠨ ᠦ ᠣᠷᠴᠢᠭᠤᠯᠤᠭᠴᠢ ᠭᠡᠬᠦ ᠮᠡᠲᠦ᠂ ᠪᠦᠬᠦ ᠣᠷᠴᠢᠭᠤᠯᠤᠭᠴᠢᠳ ᠳ᠋ᠦ ᠥᠪᠡᠷ ᠦᠨ ᠠᠷᠭ᠎ᠠ ᠪᠠᠷᠢᠯ ᠪᠠᠢᠳᠠᠭ᠃ ᠡᠨᠡ ᠨᠢ ᠣᠷᠴᠢᠭᠤᠯᠭ᠎ᠠ ᠵᠢᠨ ᠬᠡᠪ ᠮᠠᠶᠢᠭ ᠲᠤ ᠶᠡᠬᠡᠬᠡᠨ ᠨᠥᠯᠦᠭᠡᠯᠡᠬᠦ ᠪᠣᠯᠤᠮᠵᠢᠲᠠᠢ᠃


ᠣᠷᠴᠢᠭᠤᠯᠤᠭᠴᠢ ᠵᠢᠨ ᠰᠠᠭᠤᠷᠢ ᠬᠡᠪᠰᠢᠯ᠃ ᠣᠷᠴᠢᠭᠤᠯᠤᠭᠴᠢ ᠨᠠᠷᠠ ᠵᠢᠨ "ᠤᠬᠠᠮᠰᠠᠷ ᠦᠭᠡᠢ" ᠣᠷᠴᠢᠭᠤᠯᠬᠤ ᠵᠤᠷᠰᠢᠯ ᠨᠢ ᠲᠡᠳᠡᠨ ᠦ ᠰᠤᠷᠭᠠᠭᠤᠯᠢ ᠳᠤ ᠠᠩᠬ᠎ᠠ ᠭᠠᠳᠠᠭᠠᠳᠤ ᠬᠡᠯᠡ ᠰᠤᠷᠴᠤ ᠡᠬᠢᠯᠡᠭᠰᠡᠨ ᠦᠶ᠎ᠡ ᠡᠴᠡ ᠯᠠ ᠲᠣᠭᠲᠠᠳᠠᠭ ᠭᠡᠵᠦ ᠪᠢ ᠪᠣᠳᠤᠵᠤ ᠪᠠᠢᠨ᠎ᠠ᠃ ᠬᠠᠷᠢᠨ ᠡᠢᠮᠦ ᠵᠤᠷᠰᠢᠯ ᠠᠴᠠ ᠪᠠᠨ ᠠᠩᠭᠢᠵᠢᠷᠠᠬᠤ ᠳ᠋ᠦ ᠬᠡᠴᠡᠭᠦᠦ᠃

3. ᠶᠡᠬᠡᠩᠬᠢ ᠣᠷᠴᠢᠭᠤᠯᠭ᠎ᠠ ᠴᠤᠬᠤᠮ ᠳ᠋ᠦ ᠪᠠᠨ ᠦᠭᠡᠴᠢᠯᠡᠭᠰᠡᠨ ᠣᠷᠴᠢᠭᠤᠯᠭ᠎ᠠ ᠪᠠᠢᠳᠠᠭ᠃

ᠮᠢᠬᠠᠴᠢᠯᠠᠨ ᠣᠷᠴᠢᠭᠤᠯᠬᠤ ᠡᠴᠡ ᠵᠠᠢᠯᠠᠰᠬᠢᠵᠦ᠂ ᠠᠯᠢ ᠪᠣᠯᠬᠤ ᠡᠬᠡ ᠵᠣᠬᠢᠶᠠᠯ ᠦᠨ ᠬᠢ ᠨᠢ ᠤᠳᠬ᠎ᠠ ᠵᠢ ᠲᠡᠷᠡᠬᠡᠪ ᠵᠢᠡᠷ ᠨᠢ ᠤᠩᠰᠢᠭᠴᠢᠳ ᠳ᠋ᠦ ᠥᠭᠬᠦ ᠶᠣᠰᠤᠲᠠᠢ ᠭᠡᠵᠦ ᠪᠠᠢᠩᠭᠤ ᠤᠷᠢᠶᠠᠯᠠᠳᠠᠭ ᠪᠣᠯᠪᠠᠴᠤ ᠪᠣᠳᠠᠲᠤ ᠪᠠᠢᠳᠠᠯ ᠳ᠋ᠦ ᠡᠬᠡ ᠵᠣᠬᠢᠶᠠᠯ ᠦᠨ ᠦᠭᠡᠰ ᠦᠨ ᠰᠣᠩᠭᠤᠯᠲᠠ᠂ ᠦᠭᠡᠰ ᠦᠨ ᠳᠠᠷᠠᠭᠠᠯᠠᠯ ᠨᠢ ᠪᠦᠬᠦ ᠣᠷᠴᠢᠭᠤᠯᠭ᠎ᠠ ᠵᠢᠨ ᠡᠬᠢᠯᠡᠯ ᠶᠤᠮ᠃

ᠵᠥᠪᠬᠡᠨ ᠳᠠᠳᠤᠯᠭ᠎ᠠ ᠦᠭᠡᠢ ᠣᠷᠴᠢᠭᠤᠯᠤᠭᠴᠢ ᠡᠬᠡ ᠵᠣᠬᠢᠶᠠᠯ ᠢ ᠠᠩᠬ᠎ᠠ ᠤᠳᠠᠭ᠎ᠠ ᠬᠠᠷᠠᠭᠠᠳ ᠦᠭᠡ ᠲᠤᠰᠠ ᠪᠦᠷᠢ ᠵᠢ ᠵᠥᠩ ᠵᠢᠡᠷ ᠵᠢᠡᠨ ᠣᠷᠴᠢᠭᠤᠯᠳᠠᠭ ᠶᠤᠮ ᠪᠢᠰᠢ᠃ ᠲᠤᠷᠰᠢᠯᠭ᠎ᠠ ᠲᠠᠢ ᠣᠷᠴᠢᠭᠤᠯᠤᠭᠴᠢ ᠴᠤ ᠪᠠᠰᠠ ᠢᠩᠭᠢᠳᠡᠭ᠃ ᠤᠴᠢᠷ ᠨᠢ ᠡᠬᠡ ᠵᠣᠬᠢᠶᠠᠯ ᠦᠨ ᠲᠡᠭᠦᠬᠡᠢ ᠡᠳ᠋ ᠪᠣᠯ ᠦᠭᠡ ᠶᠤᠮ᠃ ᠪᠣᠳᠠᠲᠤ ᠪᠠᠢᠳᠠᠯ ᠳ᠋ᠦ ᠡᠬᠡ ᠵᠣᠬᠢᠶᠠᠯ ᠦᠨ ᠦᠭᠡᠰ ᠦᠨ ᠰᠣᠩᠭᠤᠯᠲᠠ᠂ ᠦᠭᠡᠰ ᠦᠨ ᠳᠠᠷᠠᠭᠠᠯᠠᠯ ᠨᠢ ᠪᠦᠬᠦ ᠣᠷᠴᠢᠭᠤᠯᠭ᠎ᠠ ᠵᠢᠨ ᠡᠬᠢᠯᠡᠯ ᠶᠤᠮ᠃ ᠤᠷ᠎ᠠ ᠴᠢᠳᠠᠪᠤᠷᠢ ᠵᠢᠴᠨ ᠳᠡᠭᠡᠭᠰᠢᠯᠡᠭᠦᠯᠬᠦ ᠵᠢᠨ ᠲᠤᠯᠠᠳᠠ ᠣᠷᠴᠢᠭᠤᠯᠤᠭᠴᠢ ᠡᠬᠡ ᠵᠢᠨ ᠨᠠᠷᠢᠨ ᠬᠡᠯᠪᠡᠷᠢ ᠲᠤ ᠬᠡᠲᠦ ᠶᠡᠬᠡ ᠰᠠᠨᠠᠭ᠎ᠠ ᠵᠣᠪᠠᠬᠤ ᠡᠴᠡ ᠵᠠᠢᠯᠠᠰᠬᠢᠬᠦ ᠬᠡᠷᠡᠭᠲᠡᠢ᠃ ᠡᠨᠡ ᠵᠤᠷᠰᠢᠯ ᠵᠢᠠᠨ ᠨᠢᠭᠡ ᠰᠥᠨᠢ ᠵᠢᠨ ᠳᠣᠲᠤᠷ᠎ᠠ ᠵᠠᠰᠠᠵᠤ ᠴᠢᠳᠠᠬᠤ ᠦᠭᠡᠢ᠃ ᠵᠢᠱᠢᠶ᠎ᠡ ᠨᠢ᠂ ᠶᠠᠫᠣᠨ ᠬᠡᠯᠡᠨ ᠦ mo ᠵᠢ ᠤᠬᠠᠮᠰᠠᠷ ᠦᠭᠡᠢ ᠦᠭᠡᠴᠢᠯᠡᠨ ᠣᠷᠴᠢᠭᠤᠯᠬᠤ ᠡᠴᠡ ᠵᠠᠢᠯᠠᠰᠬᠢᠬᠦ ᠲᠡᠢ ᠠᠳᠠᠯᠢ᠃ ᠨᠠᠷᠢᠨ ᠪᠦᠲᠦᠴᠡ ᠵᠢ ᠲᠣᠭᠲᠠᠭᠰᠠᠨ ᠬᠡᠯᠪᠡᠷᠢ ᠪᠡᠷ ᠣᠷᠴᠢᠭᠤᠯᠬᠤ ᠡᠴᠡ ᠵᠠᠢᠯᠠᠰᠬᠢᠬᠦ ᠭᠡᠳᠡᠭ ᠡᠩ ᠦᠨ ᠵᠦᠢᠯ ᠡᠴᠡ ᠡᠬᠢᠯᠡᠵᠦ ᠪᠣᠯᠤᠨ᠎ᠠ᠃ ᠮᠡᠳᠡᠭᠡᠵᠢ ᠵᠢᠨ ᠬᠡᠷᠡᠭ ᠵᠠᠷᠢᠮ ᠬᠦᠮᠦᠰ ᠪᠢᠴᠢᠬᠦ ᠴᠢᠳᠠᠪᠤᠷᠢ ᠲᠠᠢ᠂ ᠲᠡᠳᠡᠨ ᠳ᠋ᠦ ᠰᠡᠳᠬᠢᠯ ᠲᠠᠲᠠᠮ᠎ᠠ ᠤᠶᠠᠩᠭᠠᠯᠢᠭ ᠰᠠᠢᠨ ᠵᠣᠬᠢᠶᠠᠯ ᠢ ᠪᠢᠴᠢᠬᠦ ᠳ᠋ᠦ ᠪᠤᠰᠤᠳ ᠠᠴᠠ ᠪᠡᠷᠬᠡᠰᠢᠶᠡᠯ ᠪᠠᠭ᠎ᠠ ᠪᠠᠢᠳᠠᠭ᠃ ᠭᠡᠬᠢ ᠳᠡᠭᠡᠨ ᠶᠠᠮᠠᠷ ᠴᠤ ᠣᠷᠴᠢᠭᠤᠯᠭ᠎ᠠ ᠬᠢᠬᠦ ᠳ᠋ᠦ ᠪᠦᠲᠦᠨ ᠵᠣᠬᠢᠶᠠᠯ ᠪᠢᠴᠢᠬᠦ ᠲᠡᠢ ᠠᠳᠠᠯᠢ᠂ ᠬᠦᠴᠦᠨ ᠴᠢᠷᠮᠠᠢᠯᠲᠠ ᠬᠡᠷᠡᠭᠲᠡᠢ᠃

ᠬᠡᠯᠡᠨ ᠦ ᠰᠠᠩ ᠦᠨ ᠰᠤᠳᠤᠯᠭ᠎ᠠ ᠨᠢ ᠣᠷᠴᠢᠭᠤᠯᠭ᠎ᠠ ᠵᠢᠨ ᠥᠪᠡᠷᠮᠢᠴᠡ ᠣᠨᠴᠠᠯᠢᠭ ᠢ ᠲᠣᠳᠤᠷᠬᠠᠢᠯᠠᠵᠤ᠂ ᠣᠷᠴᠢᠭᠤᠯᠭ᠎ᠠ ᠨᠢ ᠡᠬᠡ ᠵᠣᠬᠢᠶᠠᠯ ᠡᠴᠡ ᠪᠠᠨ ᠬᠡᠷᠬᠢᠨ ᠢᠯᠭᠠᠷᠠᠵᠤ ᠪᠠᠢᠭ᠎ᠠ ᠢ ᠲᠣᠳᠤᠷᠬᠠᠢлж᠂ ᠣᠷᠴᠢᠭᠤᠯᠤᠭᠴᠢ ᠵᠢᠨ ᠤᠷ᠎ᠠ ᠴᠢᠳᠠᠪᠤᠷᠢ᠂ ᠳᠠᠳᠤᠯ ᠬᠡᠪᠰᠢᠯ᠂ ᠨᠠᠢᠷᠠᠭᠤᠯᠭ᠎ᠠ ᠵᠢᠨ ᠥᠪᠡᠷᠮᠢᠴᠡ ᠰᠢᠨᠵᠢ ᠵᠢ ᠲᠣᠳᠤᠷᠬᠠᠢ ᠪᠣᠯᠭᠠᠬᠤ ᠪᠣᠯᠤᠮᠵᠢᠲᠠᠢ ᠪᠠᠢᠳᠠᠭ ᠭᠡᠵᠦ ᠪᠢ ᠪᠣᠳᠤᠵᠤ ᠪᠠᠢᠨ᠎ᠠ᠃

(ᠠᠮᠠᠨ ᠣᠷᠴᠢᠭᠤᠯᠭ᠎ᠠ ᠨᠢ ᠳᠡᠭᠡᠷᠡᠬᠢ ᠠᠷᠭ᠎ᠠ ᠡᠴᠡ ᠣᠨᠴᠤᠭᠤᠢ ᠪᠠᠢᠳᠠᠭ᠃ ᠬᠡᠯᠡᠯᠴᠡᠭᠡᠷ ᠪᠣᠯᠣᠨ ᠲᠤᠬᠠᠢ ᠵᠢᠨ ᠭᠠᠵᠠᠷ ᠳᠡᠭᠡᠷ᠎ᠡ ᠰᠢᠭᠤᠳ ᠣᠷᠴᠢᠭᠤᠯᠭ᠎ᠠ ᠬᠢᠬᠦ ᠳ᠋ᠦ ᠪᠡᠨ ᠣᠷᠴᠢᠭᠤᠯᠤᠭᠴᠢ ᠦᠭᠡ ᠲᠤᠰᠠ ᠪᠦᠷᠢ ᠵᠢᠨ ᠤᠳᠬ᠎ᠠ ᠵᠢ ᠪᠤᠰᠤ᠂ ᠶᠡᠷᠦᠩᠬᠡᠢ ᠮᠡᠳᠡᠭᠡᠯᠡᠯ ᠢ ᠨᠢ ᠳᠠᠮᠵᠢᠭᠤᠯᠳᠠᠭ᠂ ᠦᠭᠡ᠂ ᠪᠦᠲᠦᠴᠡ ᠵᠢ ᠣᠷᠴᠢᠭᠤᠯᠬᠤ ᠠᠷᠭ᠎ᠠ ᠡᠴᠡ ᠵᠠᠢᠯᠠᠰᠬᠢᠬᠦ ᠰᠢᠨᠵᠢ ᠲᠡᠢ ᠤᠴᠢᠷ ᠡᠴᠡ ᠠᠮᠠᠨ ᠣᠷᠴᠢᠭᠤᠯᠭ᠎ᠠ ᠬᠢᠬᠦ ᠲᠤᠷᠰᠢᠯᠭ᠎ᠠ ᠨᠢ ᠪᠢᠴᠢᠭ ᠦᠨ ᠣᠷᠴᠢᠭᠤᠯᠤᠭᠴᠢᠳ ᠳ᠋ᠦ ᠴᠤ ᠲᠤᠰᠠ ᠲᠠᠢ ᠪᠠᠢᠨ᠎ᠠ᠃)

4. ᠪᠠᠷᠢᠮᠵᠢᠶ᠎ᠠ ᠪᠣᠯᠤᠭᠰᠠᠨ ᠣᠯᠠᠨ ᠤᠯᠤᠰ ᠦᠨ ᠨᠡᠷ᠎ᠡ ᠲᠣᠮᠢᠶ᠎ᠠ ᠵᠢᠨ ᠡᠭᠦᠷᠭᠡ ᠪᠤᠰᠤᠳ ᠳ᠋ᠦ ᠠᠩᠵᠠᠭᠠᠷᠠᠭᠳᠠᠳᠠᠭ ᠦᠭᠡᠢ᠃

ᠣᠷᠴᠢᠨ ᠦᠶ᠎ᠡ ᠵᠢᠨ "ᠣᠷᠴᠢᠭᠤᠯᠭ᠎ᠠ" ᠭᠡᠭᠴᠢ ᠶᠤᠮ ᠶᠡᠬᠡᠩᠬᠢ ᠨᠢ ᠪᠠᠷᠢᠮᠵᠢᠶᠠᠵᠢᠭᠤᠯᠠᠭᠰᠠᠨ ᠨᠡᠷ᠎ᠡ ᠲᠣᠮᠢᠶ᠎ᠠ ᠵᠢ ᠮᠡᠳᠡᠬᠦ ᠭᠡᠭᠰᠡᠨ ᠦᠭᠡ᠃ ᠳᠡᠯᠡᠬᠡᠢ ᠵᠢᠨ ᠭᠣᠣᠯ ᠭᠣᠣᠯ ᠬᠡᠯᠡᠨ ᠦ ᠣᠷᠴᠢᠭᠤᠯᠤᠭᠴᠢᠳ ᠢᠮᠠᠭᠲᠠ ᠵᠥᠪᠬᠡᠨ ᠪᠡᠯᠡᠨ ᠦᠭᠡ ᠵᠢ ᠯᠠ ᠣᠷᠤᠯᠠᠭᠤᠯᠬᠤ ᠬᠡᠷᠡᠭᠲᠡᠢ᠃ ᠵᠢᠱᠢ᠎ᠡ ᠨᠢ᠂ economic ᠭᠡᠳᠡᠭ ᠦᠭᠡ ᠧᠦᠷᠣᠫᠠ ᠵᠢᠨ ᠬᠡᠯᠡ ᠪᠡᠷ économique (ᠹᠷᠠᠨᠼ ᠬᠡᠯᠡ)᠂ ökonomisch᠂ wirtschaftlich (ᠭᠧᠷᠮᠠᠨ ᠬᠡᠯᠡ)᠂ económico (ᠢᠰᠫᠠᠨᠢ ᠬᠡᠯᠡ)᠂ экономический (ᠣᠷᠤᠰ ᠬᠡᠯᠡ) ᠭᠡᠬᠦ ᠮᠡᠲᠦ ᠲᠣᠭᠲᠠᠭᠰᠠᠨ ᠳᠦᠢᠬᠦ ᠦᠭᠡᠲᠡᠢ᠃ ᠠᠵᠢᠶ᠎ᠠ ᠲᠢᠪ ᠦᠨ ᠬᠡᠯᠡᠨ ᠳ᠋ᠦ ᠴᠤ 経済(的) keizai(-teki) (ᠶᠠᠫᠣᠨ ᠬᠡᠯᠡ)᠂ 經濟 / 经济 jīngjì (ᠬᠢᠲᠠᠳ ᠬᠡᠯᠡ)᠂ 간결한 gangyeolhan (ᠰᠣᠯᠤᠩᠭᠤᠰ ᠬᠡᠯᠡ) ᠭᠡᠬᠦ ᠮᠡᠲᠦ ᠦᠭᠡ ᠪᠠᠢᠨ᠎ᠠ᠃ ᠮᠣᠩᠭᠣᠯ ᠬᠡᠯᠡᠨ ᠳ᠋ᠦ ᠲᠡᠦᠬᠡ ᠡᠴᠡ ᠰᠢᠯᠲᠠᠭᠠᠯᠠᠨ "ᠡᠳ᠋ ᠦᠨ ᠵᠠᠰᠠᠭ ᠤᠨ" (ᠮᠣᠩᠭᠣᠯ)᠂ ᠠᠵᠤ ᠠᠬᠤᠢ ᠵᠢᠨ (ᠡᠪᠦᠷᠮᠣᠩᠭᠣᠯ) ᠬᠡᠮᠡᠬᠦ ᠬᠣᠶᠠᠷ ᠦᠭᠡ ᠪᠠᠢᠨ᠎ᠠ᠃

economy
 ᠠᠵᠤ ᠠᠬᠣᠢ ᠵᠢᠨ

ᠬᠠᠷᠢᠨ 150 ᠬᠠᠨ ᠵᠢᠯ ᠦᠨ ᠡᠮᠦᠨ᠎ᠡ ᠣᠷᠴᠢᠭᠤᠯᠭ᠎ᠠ ᠬᠢᠳᠡᠭ ᠬᠦᠮᠦᠰ ᠲᠤ ᠡᠢᠮᠦ ᠲᠣᠭᠲᠠᠭᠰᠠᠨ ᠨᠡᠢᠲᠡᠯᠢᠭ ᠦᠭᠡ ᠪᠠᠢᠳᠠᠭ ᠦᠭᠡᠢ ᠪᠠᠢᠭᠰᠠᠨ ᠪᠠᠢᠨ᠎ᠠ᠃ ᠧᠦᠷᠣᠫᠠ ᠵᠢᠨ ᠬᠡᠯᠡᠨ ᠡᠴᠡ ᠪᠤᠰᠤᠳ ᠬᠡᠯᠡᠨ ᠳ᠋ᠦ "ᠡᠳ᠋ ᠦᠨ ᠵᠠᠰᠠᠭ" ᠭᠡᠳᠡᠭ ᠦᠭᠡᠨ ᠦ ᠲᠣᠭᠲᠠᠭᠰᠠᠨ ᠳᠦᠢᠬᠦ ᠦᠭᠡ ᠪᠠᠢᠬᠤ ᠦᠭᠡᠢ ᠪᠠᠢᠭᠰᠠᠨ᠃ ᠣᠷᠴᠢᠨ ᠦᠶ᠎ᠡ ᠵᠢᠨ ᠪᠣᠯᠭᠠᠨ ᠰᠢᠨᠡᠴᠢᠯᠡᠬᠦ (modernisation) ᠪᠤᠶᠤ ᠥᠷᠦᠨᠡᠴᠢᠯᠡᠬᠦ ᠵᠢᠨ (Westernisation) ᠶᠠᠪᠤᠴᠠ ᠵᠢᠨ ᠳᠤᠮᠳᠠ ᠠᠷᠪᠠᠨ ᠶᠢᠰᠦᠨ ᠵᠠᠭᠤᠨ ᠤ ᠣᠷᠴᠢᠭᠤᠯᠤᠭᠴᠢᠳ ᠳᠦᠢᠬᠦ ᠦᠭᠡ ᠵᠢ ᠴᠣᠭᠤ ᠰᠢᠨ᠎ᠡ ᠪᠡᠷ ᠵᠣᠬᠢᠶᠠᠵᠤ᠂ ᠣᠳᠤ ᠵᠢᠨ ᠦᠭᠡ ᠵᠢᠨ ᠰᠠᠩ ᠤᠨ ᠰᠠᠭᠤᠷᠢ ᠵᠢ ᠲᠠᠯᠪᠢᠭᠰᠠᠨ ᠶᠤᠮ᠃ ᠲᠡᠢᠮᠦ ᠡᠴᠡ᠂ ᠥᠨᠦ ᠵᠢᠨ ᠣᠷᠴᠢᠭᠤᠯᠤᠭᠴᠢ ᠵᠢᠨ ᠬᠤᠪᠢ ᠳᠤ᠂ ᠵᠢᠱᠢᠶ᠎ᠡ ᠨᠢ "ᠰᠸᠠᠾᠢᠯᠢ ᠬᠡᠯᠡ ᠪᠡᠷ 《ᠠᠵᠤ ᠠᠬᠤᠢ ᠵᠢᠨ》 ᠭᠡᠳᠡᠭ ᠰᠠᠨᠠᠭ᠎ᠠ ᠵᠢ ᠶᠠᠭᠠᠬᠢᠵᠤ ᠢᠯᠡᠷᠬᠡᠢᠯᠡᠬᠦ ᠪᠤᠢ?"᠂ "ᠰᠸᠠᠾᠢᠯᠢ ᠬᠡᠯᠡ ᠪᠡᠷ 《ᠠᠵᠤ ᠠᠬᠤᠢ ᠵᠢᠨ》 ᠭᠡᠳᠡᠭ ᠲᠡᠢ ᠳᠦᠢᠬᠦ ᠦᠭᠡ ᠶᠠᠭᠤ ᠪᠤᠢ?" ᠭᠡᠳᠡᠭ ᠬᠣᠶᠠᠷ ᠱᠠᠯ ᠥᠭᠡᠷ᠎ᠡ ᠠᠰᠠᠭᠤᠯᠲᠠ ᠪᠣᠯᠤᠨ᠎ᠠ᠃ ᠣᠳᠣ ᠪᠠᠷᠢᠮᠵᠢᠶᠠᠵᠢᠭᠶᠯᠠᠭᠰᠠᠨ ᠰᠢᠨᠵᠢᠯᠡᠬᠦ ᠤᠬᠠᠭᠠᠨ᠂ ᠰᠢᠨᠵᠢᠯᠡᠬᠦ ᠮᠡᠷᠭᠡᠵᠢᠯ ᠡᠴᠡ ᠭᠠᠳᠠᠨ᠎ᠠ ᠪᠢᠶ᠎ᠡ ᠵᠢᠨ ᠲᠠᠮᠢᠷ ᠦᠨ ᠰᠠᠯᠪᠤᠷᠢ ᠬᠦᠷᠲᠡᠯ᠎ᠡ ᠣᠯᠠᠨ ᠤᠯᠤᠰ ᠦᠨ ᠨᠡᠷ᠎ᠡ ᠲᠣᠮᠢᠶ᠎ᠠ ᠵᠢ ᠮᠠᠰᠢ ᠨᠡᠢᠲᠡᠯᠢᠭ ᠬᠡᠷᠡᠭᠯᠡᠬᠦ ᠪᠣᠯᠵᠡᠢ᠃ ᠲᠡᠢᠮᠦ ᠡᠴᠡ "ᠣᠷᠴᠢᠭᠤᠯᠭ᠎ᠠ" ᠭᠡᠳᠡᠭ ᠨᠢ ᠤᠬᠠᠭᠠᠨ ᠰᠡᠢᠯᠬᠦ ᠪᠤᠰᠤ᠂ ᠴᠡᠭᠡᠵᠢᠯᠡᠭᠰᠡᠨ ᠳᠦᠢᠬᠦ ᠦᠭᠡ ᠪᠡᠨ ᠭᠠᠷᠭᠠᠨ ᠣᠨᠤᠭᠠᠬᠤ ᠡᠰᠡᠪᠡᠯ ᠲᠣᠯᠢ ᠪᠢᠴᠢᠭ᠌ ᠬᠠᠷᠠᠬᠤ ᠲᠠᠢ ᠠᠳᠠᠯᠢ ᠠᠮᠠᠷᠬᠠᠨ ᠠᠵᠢᠯ ᠪᠣᠯᠤᠭᠰᠠᠨ᠃ ᠻᠣᠮᠫᠢᠶᠦᠲ᠋ᠧᠷ ᠦᠨ ᠣᠷᠴᠢᠭᠤᠯᠭ᠎ᠠ ᠴᠤ ᠪᠠᠰᠠ ᠡᠨᠡ ᠣᠷᠤᠯᠠᠭᠤᠯᠤᠭᠰᠠᠨ᠂ ᠳᠦᠢᠯᠡᠭᠡᠭᠰᠡᠨ ᠨᠡᠷ᠎ᠡ ᠲᠣᠮᠢᠶᠠᠨ ᠳ᠋ᠦ ᠮᠠᠰᠢ ᠶᠡᠬᠡ ᠲᠦᠰᠢᠭᠯᠡᠳᠡᠭ᠃

ᠲᠡᠭᠦᠰᠬᠡᠯ

ᠰᠡᠭᠦᠯ ᠦᠨ ᠬᠡᠳᠦᠨ ᠠᠷᠪᠠᠨ ᠵᠢᠯ ᠳ᠋ᠦ ᠣᠷᠴᠢᠭᠤᠯᠭ᠎ᠠᠵᠦᠢ ᠵᠢᠨ ᠰᠠᠯᠪᠤᠷᠢ ᠲᠤ ᠣᠯᠠᠨ ᠰᠢᠨ᠎ᠡ ᠬᠠᠨᠳᠤᠯᠭ᠎ᠠ ᠳᠡᠯᠭᠡᠷᠡᠵᠦ ᠢᠷᠡᠯᠦᠭᠡ᠃ ᠡᠭᠦᠨ ᠦ ᠳᠣᠲᠤᠷ᠎ᠠ ᠬᠡᠯᠡᠨ ᠰᠠᠩ ᠦᠨ ᠰᠤᠳᠤᠯᠭ᠎ᠠ ᠴᠤ ᠶᠡᠬᠡ ᠪᠠᠢᠨ᠎ᠠ᠃ ᠡᠳᠡᠭᠡᠷ ᠨᠢ ᠰᠢᠨᠡᠯᠢᠭ ᠣᠯᠤᠯᠲᠠ ᠨᠤᠭᠤᠳ ᠪᠣᠯᠤᠭᠰᠠᠨ ᠶᠤᠮ᠃ ᠠᠮᠧᠷᠢᠺᠠ ᠵᠢᠨ ᠬᠡᠯᠡ ᠰᠢᠨᠵᠢᠯᠡᠯᠴᠢ ᠨᠣ᠊.ᠴᠣᠮᠰᠺᠢ ᠵᠢᠨ ᠣᠨᠣᠯ ᠪᠣᠯ ᠪᠣᠳᠠᠲᠤ ᠵᠦᠢᠯ ᠪᠤᠰᠤ ᠣᠶᠤᠨ ᠤᠬᠠᠭᠠᠨ ᠦ ᠬᠡᠢᠰᠪᠦᠷᠢ ᠣᠪᠶᠧᠻᠲ᠋ ᠢ ᠰᠤᠳᠤᠯᠬᠤ ᠵᠣᠷᠢᠯᠭᠠᠲᠠᠢ᠃ ᠣᠯᠠᠨ ᠰᠤᠳᠤᠯᠤᠭᠠᠴᠢ ᠨ᠊.ᠴᠣᠮᠰᠺᠢ ᠵᠢᠨ "ᠲᠡᠭᠦᠰ ᠲᠡᠭᠦᠯᠳᠡᠷ ᠶᠠᠷᠢᠭᠴᠢ᠂ ᠰᠣᠨᠤᠰᠤᠭᠴᠢ" ᠲᠠᠢ ᠠᠳᠠᠯᠢᠬᠠᠨ᠂ "ᠲᠡᠭᠦᠰ ᠣᠷᠴᠢᠭᠤᠯᠤᠭᠴᠢ" ᠪᠠᠢᠳᠠᠭ ᠭᠡᠵᠦ ᠪᠣᠳᠤᠵᠤ ᠪᠠᠢᠭ᠎ᠠ ᠶᠤᠮ ᠰᠢᠭ ᠪᠠᠢᠨ᠎ᠠ᠃ ᠬᠠᠷᠢᠨ ᠮᠢᠨᠦ ᠬᠤᠪᠢ ᠳᠤ "ᠲᠡᠭᠦᠰ ᠣᠷᠴᠢᠭᠤᠯᠤᠭᠴᠢ" ᠪᠤᠶᠤ ᠥᠪ ᠲᠡᠭᠰᠢ ᠣᠷᠴᠢᠭᠤᠯᠤᠭᠴᠢ ᠭᠡᠳᠡᠭ ᠶᠤᠮ ᠪᠠᠢᠳᠠᠭ ᠦᠭᠡᠢ᠂ ᠡᠬᠡ ᠵᠢ ᠣᠷᠴᠢᠭᠤᠯᠬᠤ ᠲᠡᠭᠦᠰ ᠠᠷᠭ᠎ᠠ ᠴᠤ ᠪᠠᠰᠠ ᠪᠠᠢᠳᠠᠭ ᠦᠭᠡᠢ᠃ ᠶᠡᠬᠡᠩᠬᠢ ᠣᠷᠴᠢᠭᠤᠯᠭ᠎ᠠ ᠵᠣᠷᠢᠯᠭ᠎ᠠ ᠠᠴᠠ ᠪᠠᠨ ᠬᠠᠮᠢᠶᠠᠷᠳᠠᠭ ᠵᠢ ᠪᠣᠳᠤᠯᠴᠠᠬᠤ ᠬᠡᠷᠡᠭᠲᠡᠢ ᠭᠡᠵᠦ ᠦᠵᠡᠵᠦ ᠪᠠᠢᠨ᠎ᠠ᠃


Back to Top